ᠠᠳᠤᠭᠤᠨ ᠤ ᠪᠤᠯᠴᠢᠷᠬᠠᠶᠢᠲᠤ ᠬᠢᠵᠢᠭ ᠢ ᠬᠡᠷᠬᠢᠨ ᠣᠨᠣᠰᠢᠯᠠᠬᠤ ᠪᠤᠢ
ᠨᠡᠶᠢᠲᠡᠯᠡᠭᠰᠡᠨ ᠴᠠᠭ᠄
2022/12/19
            ᠨᠡᠶᠢᠲᠡᠯᠢᠭ ᠪᠤᠯᠴᠢᠷᠬᠠᠶᠢᠲᠤ ᠬᠢᠵᠢᠭ᠄ ᠭᠡᠮᠨᠡᠭᠰᠡᠨ ᠮᠣᠷᠢᠨ ᠤ ᠡᠷᠡᠦ ᠳᠣᠣᠷᠠᠬᠢ ᠯᠢᠮᠹᠠ ᠪᠣᠯᠴᠤᠤ ᠶᠢᠨ  ᠲᠦᠷᠭᠡᠨ ᠴᠢᠨᠠᠷ ᠲᠠᠢ ᠢᠳᠡᠭᠡᠮᠦᠷᠳᠦᠬᠦ ᠦᠷᠪᠢᠰᠦᠯ ᠪᠣᠯᠣᠨ ᠬᠠᠮᠠᠷ ᠤᠨ ᠰᠠᠯᠢᠰᠤᠲᠤ ᠪᠦᠷᠬᠦᠪᠴᠢ ᠶᠢᠨ ᠺᠠᠲ᠋ᠠᠷᠲᠤ  ᠢᠳᠡᠭᠡᠮᠦᠷᠳᠦᠬᠦ ᠵᠡᠷᠭᠡ ᠶᠢᠨ ᠰᠢᠨᠵᠢ ᠲᠡᠮᠳᠡᠭ ᠢ ᠦᠨᠳᠦᠰᠦᠯᠡᠵᠦ ᠲᠠᠬᠤᠯ ᠤᠨ ᠪᠠᠶᠢᠳᠠᠯ ᠲᠠᠢ ᠶᠡᠷᠦ ᠳᠡᠭᠡᠨ  ᠤᠨᠤᠰᠢᠯᠠᠴᠢᠬᠠᠳᠠᠭ ᠶᠤᠮ᠃ ᠴᠢᠬᠤᠯᠠᠲᠠᠢ ᠦᠶ᠎ᠡ ᠳᠤ ᠴᠤᠭᠤᠷᠠᠭᠰᠠᠨ ᠦᠭᠡᠢ ᠪᠣᠭᠯᠠᠭ᠎ᠠ ᠠᠴᠠ ᠢᠳᠡᠭᠡ ᠶᠢ ᠨᠢ  ᠠᠪᠴᠤ ᠪᠠᠺᠲ᠋ᠧᠷᠢ ᠶᠢᠨ ᠰᠤᠳᠤᠯᠤᠯ ᠤᠨ ᠪᠠᠶᠢᠴᠠᠭᠠᠯᠲᠠ ᠬᠢᠵᠦ ᠪᠣᠯᠣᠨ᠎ᠠ᠂ ᠬᠡᠯᠬᠢᠶᠡᠯᠡᠨ ᠵᠢᠭᠰᠠᠭᠰᠠᠨ ᠡᠷᠢᠬᠡᠨ  ᠪᠠᠺᠲ᠋ᠧᠷᠢ ᠢᠯᠡᠷᠡᠪᠡᠯ ᠡᠴᠦᠰ ᠤᠨ ᠣᠨᠣᠰᠢᠯᠠᠯᠲᠠ ᠬᠢᠵᠦ ᠪᠣᠯᠣᠨ᠎ᠠ᠃            ᠨᠡᠶᠢᠲᠡᠯᠢᠭ ᠪᠤᠰᠤ ᠪᠤᠯᠴᠢᠷᠬᠠᠶᠢᠲᠤ ᠬᠢᠵᠢᠭ᠄ ᠠᠳᠤᠭᠤᠨ ᠰᠦᠷᠦᠭ ᠲᠠᠬᠢ ᠨᠡᠶᠢᠲᠡᠯᠢᠭ ᠪᠤᠯᠴᠢᠷᠬᠠᠶᠢᠲᠤ  ᠬᠢᠵᠢᠭ ᠪᠣᠯᠣᠨ ᠲᠠᠬᠤᠯ ᠤᠨ ᠪᠠᠶᠢᠳᠠᠯ ᠢ ᠤᠶᠠᠯᠳᠤᠭᠤᠯᠪᠠᠯ ᠰᠠᠶ᠋ᠢ ᠣᠨᠣᠰᠢᠯᠠᠨ ᠲᠣᠳᠣᠯᠠᠵᠤ ᠴᠢᠳᠠᠨ᠎ᠠ᠃            ᠬᠤᠣᠷᠲᠤ ᠪᠤᠯᠴᠢᠷᠬᠠᠶᠢᠲᠤ ᠬᠢᠵᠢᠭ᠄ ᠪᠣᠭᠯᠠᠭ᠎ᠠ ᠠᠴᠠ ᠰᠢᠯᠵᠢᠭᠰᠡᠨ ᠣᠷᠣᠨ ᠤ ᠠᠳᠠᠯᠢ ᠪᠤᠰᠤ ᠠᠴᠠ ᠪᠣᠯᠵᠤ  ᠣᠨᠣᠰᠢᠯᠠᠬᠤ ᠳᠤ ᠵᠠᠷᠢᠮ ᠨᠢ ᠬᠦᠴᠢᠷᠲᠡᠢ᠂ ᠵᠠᠷᠢᠮ ᠨᠢ ᠬᠢᠯᠪᠠᠷ ᠪᠠᠶᠢᠳᠠᠭ ᠶᠤᠮ᠃ ᠬᠡᠷᠪᠡ ᠭᠡᠮᠨᠡᠭᠰᠡᠨ ᠮᠣᠷᠢ  ᠪᠤᠯᠴᠢᠷᠬᠠᠶᠢᠲᠤ ᠬᠢᠵᠢᠭ ᠲᠤ ᠨᠡᠷᠪᠡᠭᠳᠡᠵᠦ ᠪᠡᠶ᠎ᠡ ᠶᠢᠨ ᠳᠤᠯᠠᠭᠠᠨ ᠨᠢ ᠬᠡᠪ ᠤᠨ ᠪᠠᠶᠢᠳᠠᠯ ᠳᠠᠭᠠᠨ ᠣᠷᠣᠭᠠᠳ ᠳᠠᠬᠢᠨ  ᠳᠡᠭᠡᠭᠰᠢᠯᠡᠨ ᠰᠠᠯᠢᠰᠤᠲᠤ ᠪᠦᠷᠬᠦᠪᠴᠢ ᠨᠢ ᠰᠢᠷᠠᠯᠠᠵᠤ᠂ ᠢᠳᠡᠬᠦ ᠨᠢ ᠪᠠᠭᠠᠳᠠᠨ ᠤᠯᠠᠮ ᠢᠶᠠᠷ ᠡᠴᠡᠵᠦ᠂ ᠴᠠᠭᠠᠨ  ᠡᠰ ᠤᠨ ᠶᠡᠷᠦᠩᠬᠡᠢ ᠲᠤᠭ᠎ᠠ ᠪᠣᠯᠣᠨ ᠰᠠᠭᠠᠷᠮᠠᠭ ᠴᠠᠭᠠᠨ ᠡᠰ ᠨᠢ ᠮᠡᠳᠡᠭᠳᠡᠮ᠎ᠡ ᠨᠡᠮᠡᠭᠳᠡᠵᠦ᠂ ᠪᠠᠰᠠ ᠠᠳᠤᠭᠤᠨ ᠤ  ᠬᠠᠯᠳᠠᠪᠤᠷᠢᠲᠤ ᠴᠢᠰᠤ ᠪᠠᠭᠠᠳᠠᠯ ᠪᠣᠯᠣᠨ ᠠᠳᠤᠭᠤᠨ ᠤ ᠶᠠᠮ᠎ᠠ ᠡᠪᠡᠳᠴᠢᠨ ᠤ ᠲᠡᠦᠬᠡ ᠦᠭᠡᠢ ᠪᠣᠯ ᠠᠩᠬ᠎ᠠ ᠠᠯᠬᠤᠮ  ᠪᠤᠯᠴᠢᠷᠬᠠᠶᠢᠲᠤ ᠬᠢᠵᠢᠭ ᠢᠶᠠᠷ ᠣᠨᠣᠰᠢᠯᠠᠵᠤ ᠪᠣᠯᠣᠨ᠎ᠠ᠃ ᠬᠡᠷᠪᠡ ᠴᠢᠴᠠᠷᠬᠠᠢ ᠶᠢᠨ ᠪᠤᠯᠴᠢᠷᠬᠠᠢ ᠶᠢᠨ ᠪᠣᠭᠯᠠᠭ᠎ᠠ ᠪᠠᠷ  ᠰᠡᠵᠢᠭᠯᠡᠪᠡᠯ ᠬᠤᠰᠬᠢᠨᠠᠭ ᠤᠨ ᠪᠠᠶᠢᠴᠠᠭᠠᠯᠲᠠ ᠬᠢᠵᠦ ᠪᠣᠯᠣᠨ᠎ᠠ᠃ ᠦᠬᠦᠭᠰᠡᠨ ᠤ ᠳᠠᠷᠠᠭ᠎ᠠ ᠳᠣᠲᠣᠷ᠎ᠠ ᠡᠷᠬᠡᠲᠡᠨ ᠪᠤᠶᠤ  ᠭᠦᠨ ᠬᠡᠰᠡᠭ ᠤᠨ ᠯᠢᠮᠹᠠ ᠪᠣᠯᠴᠤᠤ ᠳᠤ ᠪᠣᠭᠯᠠᠭ᠎ᠠ ᠢᠯᠡᠷᠡᠵᠦ᠂ ᠪᠠᠺᠲ᠋ᠧᠷᠢ ᠶᠢᠨ ᠪᠠᠶᠢᠴᠠᠭᠠᠯᠲᠠ ᠳᠤ ᠡᠷᠢᠬᠡᠨ  ᠪᠠᠺᠲ᠋ᠧᠷᠢ ᠪᠠᠶᠢᠪᠠᠯ ᠪᠠᠰᠠ ᠣᠨᠣᠰᠢᠯᠠᠨ ᠲᠣᠳᠣᠯᠠᠵᠤ ᠪᠣᠯᠣᠨ᠎ᠠ᠃            ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ  ᠠᠰᠠᠭᠤᠯᠲᠠ ᠬᠠᠷᠢᠭᠤᠯᠲᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ᠃︶
 
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1