ᠮᠢᠬᠠᠨ ᠤ ᠣᠬᠤᠷ ᠡᠪᠡᠷᠲᠦ ᠦᠬᠡᠷ ᠪᠣᠯ ᠢᠩᠭ᠍ᠯᠠᠨᠳ᠋ ᠤᠨ ᠬᠤᠶᠢᠲᠤ ᠬᠡᠰᠡᠭ ᠠᠴᠠ ᠤᠭ ᠭᠠᠷᠤᠯ ᠲᠠᠢ᠃ | ᠣᠬᠤᠷ ᠡᠪᠡᠷᠲᠦ ᠦᠬᠡᠷ ᠪᠣᠯ ᠲᠤᠰ ᠭᠠᠵᠠᠷ ᠤᠨ ᠨᠤᠲᠤᠭ ᠤᠨ ᠡᠭᠦᠯᠳᠡᠷ ᠢ ᠡᠷᠯᠢᠰᠡᠵᠢᠭᠦᠯᠦᠭᠡᠳ ᠪᠣᠶᠢᠵᠢᠭᠤᠯᠤᠭᠰᠠᠨ | ᠡᠷᠲᠡᠨ ᠤ ᠡᠭᠦᠯᠳᠡᠷ ᠪᠣᠯᠣᠨ᠎ᠠ᠂ 18 ᠳ᠋ᠤᠭᠠᠷ ᠵᠠᠭᠤᠨ ᠤ ᠡᠬᠢᠨ ᠤ ᠦᠶ᠎ᠡ ᠳᠤ᠂ ᠢᠳᠡᠰᠢᠨ ᠤ ᠦᠬᠡᠷ ᠪᠣᠯᠭᠠᠨ | ᠡᠭᠦᠯᠳᠡᠷ ᠰᠠᠶᠢᠵᠢᠷᠠᠭᠤᠯᠵᠤ ᠡᠬᠢᠯᠡᠨ᠂ ᠴᠢᠩᠭ᠎ᠠ ᠨᠢᠮᠪᠠᠢ ᠪᠠᠷ ᠡᠭᠦᠯᠳᠡᠷ ᠰᠣᠩᠭᠤᠬᠤ ᠪᠠ ᠣᠶᠢᠷ᠎ᠠ ᠡᠭᠦᠯᠳᠡᠷ ᠢᠶᠠᠷ | ᠦᠷᠡᠵᠢᠭᠦᠯᠦᠨ ᠪᠣᠶᠢᠵᠢᠭᠤᠯᠬᠤ ᠠᠷᠭ᠎ᠠ ᠶᠢ ᠠᠪᠴᠤ᠂ ᠠᠷᠪᠠ ᠭᠠᠷᠤᠢ ᠵᠢᠯ ᠪᠣᠯᠣᠭᠠᠳ ᠰᠠᠶ᠋ᠢ ᠪᠡᠶ᠎ᠡ ᠪᠠᠷ ᠨᠡᠯᠢᠶᠡᠳ | ᠪᠦᠳᠦᠭᠦᠨ ᠢᠳᠡᠰᠢᠨ ᠤ ᠣᠬᠤᠷ ᠡᠪᠡᠷᠲᠦ ᠦᠬᠡᠷ ᠢ ᠪᠣᠶᠢᠵᠢᠭᠤᠯᠤᠨ ᠭᠠᠷᠭᠠᠭᠰᠠᠨ ᠪᠠᠶᠢᠨ᠎ᠠ᠂ ᠤᠳᠣ ᠳᠡᠯᠡᠬᠡᠢ ᠶᠢᠨ | ᠡᠯ᠎ᠡ ᠤᠯᠤᠰ ᠲᠤ ᠪᠦᠷ ᠲᠠᠷᠬᠠᠵᠤ ᠪᠣᠢ᠃ ᠳᠣᠮᠳᠠᠳᠣ ᠤᠯᠤᠰ 1913 ᠣᠨ ᠠᠴᠠ ᠣᠬᠤᠷ ᠡᠪᠡᠷᠲᠦ ᠦᠬᠡᠷ ᠢ | ᠣᠷᠣᠭᠤᠯᠤᠨ ᠠᠪᠴᠢᠷᠠᠵᠠᠢ᠂ ᠤᠳᠣ ᠭᠤᠣᠯᠳᠠᠭᠤ ᠥᠪᠥᠷ ᠮᠣᠩᠭᠤᠯ᠂ ᠭᠢᠷᠢᠨ᠂ ᠾᠧᠪᠧᠢ ᠵᠡᠷᠭᠡ ᠮᠤᠵᠢ ᠣᠷᠣᠨ ᠳᠤ | ᠮᠠᠯᠵᠢᠵᠤ ᠪᠠᠶᠢᠨ᠎ᠠ᠃ | ᠮᠢᠬᠠᠨ ᠤ ᠣᠬᠤᠷ ᠡᠪᠡᠷᠲᠦ ᠦᠬᠡᠷ ᠤᠨ ᠪᠡᠶ᠎ᠡ ᠨᠢ ᠤᠷᠲᠤ ᠪᠥᠭᠡᠳ ᠥᠷᠭᠡᠨ᠂ ᠪᠤᠯᠴᠢᠩ ᠮᠢᠬ᠎ᠠ ᠨᠢ ᠠᠷᠪᠢᠨ | ᠮᠥᠷᠲᠡᠭᠡᠨ ᠮᠢᠬᠠᠨ ᠤ ᠦᠬᠡᠷ ᠤᠨ ᠨᠡᠶᠢᠲᠡᠯᠢᠭ ᠣᠨᠴᠠᠯᠢᠭ ᠪᠦᠬᠦᠢ ᠤᠷᠲᠤ ᠳᠥᠷᠪᠡᠯᠵᠢᠨ ᠪᠡᠶ᠎ᠡ ᠲᠠᠢ ᠦᠬᠡᠷ | ᠪᠣᠯᠣᠨ᠎ᠠ ᠃ ᠲᠣᠯᠣᠭᠠᠢ ᠨᠢ ᠪᠣᠭᠤᠨᠢ᠂ ᠮᠠᠩᠨᠠᠢ ᠨᠢ ᠥᠷᠭᠡᠨ᠂ ᠡᠪᠡᠷ ᠨᠢ ᠨᠠᠷᠢᠨ ᠪᠥᠭᠡᠳ ᠣᠬᠤᠷ᠂ ᠬᠦᠵᠦᠭᠦᠦ ᠨᠢ | ᠣᠬᠤᠷ ᠮᠥᠷᠲᠡᠭᠡᠨ ᠮᠢᠬ᠎ᠠ ᠶᠡᠬᠡᠲᠡᠢ᠂ ᠴᠡᠭᠡᠵᠢᠨ ᠬᠡᠰᠡᠭ ᠤᠨ ᠪᠤᠶᠢᠵᠢᠯᠲᠠ ᠨᠢ ᠰᠠᠶᠢᠨ᠃ ᠮᠥᠴᠢ ᠨᠢ ᠣᠬᠤᠷ᠂ | ᠬᠤᠭᠤᠷᠤᠨᠳᠣᠬᠢ ᠵᠠᠢ ᠨᠢ ᠥᠷᠭᠡᠨ᠂ ᠪᠥᠭᠰᠡᠨ ᠪᠡᠶ᠎ᠡ ᠨᠢ ᠪᠦᠳᠦᠭᠦᠨ᠃ ᠣᠯᠠᠩᠬᠢ ᠨᠢ ᠬᠦᠷᠡᠩ ᠤᠯᠠᠭᠠᠨ | ᠵᠢᠰᠦᠮ ᠲᠠᠢ᠂ ᠴᠥᠭᠡᠨ ᠲᠣᠭᠠᠨ ᠤ ᠬᠢᠨᠢ ᠪᠠᠰᠠ ᠠᠯᠠᠭ ᠪᠤᠯᠠᠭ ᠪᠣᠢ᠃ | ᠨᠠᠰᠤ ᠭᠦᠢᠴᠡᠭᠰᠡᠨ ᠡᠷ᠎ᠡ ᠦᠬᠡᠷ ᠤᠨ ᠪᠡᠶ᠎ᠡ ᠶᠢᠨ ᠬᠦᠨᠳᠦ ᠨᠢ 800~1200kg᠂ ᠦᠨᠢᠶ᠎ᠡ ᠶᠢᠨ ᠬᠢᠨᠢ | 500~800kg᠃ ᠰᠠᠶ᠋ᠢ ᠭᠠᠷᠤᠭᠰᠠᠨ ᠲᠤᠭᠤᠯ ᠤᠨ ᠪᠡᠶ᠎ᠡ ᠶᠢᠨ ᠬᠦᠨᠳᠦ ᠨᠢ 30~40kg᠂ ᠵᠢᠯ ᠤᠨ ᠰᠦ | ᠭᠠᠷᠬᠤ ᠳᠤᠮᠳᠠᠴᠢ ᠬᠡᠮᠵᠢᠶ᠎ᠡ ᠨᠢ 3000~4000kg᠂ ᠰᠦᠨ ᠤ ᠨᠦᠮᠵᠦᠭ ᠤᠨ ᠨᠤᠷᠮ᠎ᠠ ᠨᠢ 3.5%~3. | 7% ᠪᠣᠯᠣᠨ᠎ᠠ᠃ | ᠣᠬᠤᠷ ᠡᠪᠡᠷᠲᠦ ᠦᠬᠡᠷ ᠤᠨ ᠪᠡᠶ᠎ᠡ ᠶᠢᠨ ᠬᠦᠨᠳᠦ ᠶᠢᠨ ᠨᠡᠮᠡᠭᠳᠡᠬᠦ ᠨᠢ ᠲᠦᠷᠭᠡᠨ᠂ ᠲᠣᠷᠨᠢᠬᠤ ᠨᠢ ᠡᠷᠲᠡ᠂ | ᠨᠣᠮᠣᠬᠠᠨ᠂ ᠲᠣᠭᠲᠠᠭᠤᠨ ᠵᠠᠩ ᠠᠷᠠᠨᠰᠢᠨ ᠲᠠᠢ ᠪᠥᠭᠡᠳ ᠠᠮᠠᠷᠬᠠᠨ ᠲᠠᠷᠭᠤᠯᠠᠳᠠᠭ᠃ ᠪᠡᠶ᠎ᠡ ᠶᠢᠨ ᠬᠦᠨᠳᠦ ᠨᠢ 400 | ᠬᠤᠨᠤᠭ ᠲᠤ 410kg ᠳᠤ ᠬᠦᠷᠴᠦ ᠳᠡᠶᠢᠯᠦᠨ᠎ᠡ᠂ ᠨᠢᠲᠤᠯᠭᠠᠨ ᠤ ᠨᠤᠷᠮ᠎ᠠ ᠨᠢ 60%~65%᠂ ᠪᠣᠷᠳᠣᠵᠤ | ᠲᠠᠷᠭᠤᠯᠠᠭᠤᠯᠤᠭᠰᠠᠨ ᠤ ᠳᠠᠷᠠᠭ᠎ᠠ 72% ᠲᠤ ᠬᠦᠷᠴᠦ ᠳᠡᠶᠢᠯᠦᠨ᠎ᠡ᠃ ᠮᠢᠬᠠᠨ ᠤ ᠰᠢᠷᠬᠡᠭ ᠨᠢ ᠨᠠᠷᠢᠨ ᠪᠥᠭᠡᠳ | ᠮᠢᠬ᠎ᠠ ᠨᠢ ᠵᠥᠭᠡᠯᠡᠨ᠂ ᠥᠭᠡᠬᠦᠯᠡᠵᠦ ᠲᠠᠷᠭᠤᠯᠠᠬᠤ ᠨᠢ ᠵᠢᠭᠳᠡ ᠲᠡᠩᠴᠡᠭᠦᠷᠢᠲᠡᠢ᠂ ︽ᠭᠠᠨᠳᠢᠭ ᠴᠢᠯᠠᠭᠤ︾ ᠶᠢᠨ | ᠬᠡᠯᠪᠡᠷᠢ ᠮᠠᠶ᠋ᠢᠭ ᠲᠠᠢ᠃ | ᠣᠬᠤᠷ ᠡᠪᠡᠷᠲᠦ ᠦᠬᠡᠷ ᠤᠨ ᠤᠳᠤᠮᠯᠠᠬᠤ ᠨᠢ ᠲᠣᠭᠲᠠᠭᠤᠨ᠂ ᠮᠣᠩᠭᠤᠯ ᠦᠬᠡᠷ ᠤᠨ ᠡᠭᠦᠯᠳᠡᠷ ᠢ | ᠰᠠᠶᠢᠵᠢᠷᠠᠭᠤᠯᠬᠤ ᠳᠤ ᠬᠡᠷᠡᠭᠯᠡᠭᠡᠳ ᠲᠠᠯ᠎ᠠ ᠨᠤᠲᠤᠭ ᠤᠨ ᠤᠯᠠᠭᠠᠨ ᠦᠬᠡᠷ ᠢ ᠪᠣᠶᠢᠵᠢᠭᠤᠯᠤᠨ ᠭᠠᠷᠭᠠᠪᠠ᠂ ᠥᠪᠴᠢ | ᠪᠡᠶ᠎ᠡ ᠶᠢᠨ ᠦᠰᠦ ᠨᠢ ᠬᠦᠷᠡᠩ ᠤᠯᠠᠭᠠᠨ ᠥᠩᠭᠡᠲᠡᠢ᠃ ᠴᠢᠨ ᠴᠤᠸᠠᠨ ᠤ ᠦᠬᠡᠷ ᠲᠤ ᠣᠬᠤᠷ ᠡᠪᠡᠷᠲᠦ ᠦᠬᠡᠷ ᠤᠨ | ᠴᠢᠰᠤ ᠶᠢ ᠰᠡᠯᠪᠢᠵᠦ ᠡᠷᠯᠢᠰᠡᠵᠢᠭᠦᠯᠦᠭᠡᠳ ᠲᠤᠩ ᠰᠠᠶᠢᠨ ᠦᠷ᠎ᠡ ᠪᠦᠲᠦᠮᠵᠢ ᠣᠯᠵᠠᠢ᠃ ᠲᠤᠰ ᠦᠬᠡᠷ ᠢ | ᠪᠦᠳᠦᠭᠦᠯᠢᠭ ᠢᠶᠠᠷ ᠠᠷᠠᠴᠢᠯᠠᠬᠤ ᠳᠤ ᠲᠡᠰᠪᠦᠷᠢᠲᠡᠢ᠂ ᠣᠷᠴᠢᠨ ᠠᠬᠤᠢ ᠳᠠᠭᠠᠨ ᠵᠣᠬᠢᠴᠠᠬᠤ ᠨᠢ ᠰᠠᠶᠢᠨ᠂ | ᠪᠠᠷᠤᠭᠲᠠᠢ ᠳᠤ ᠡᠪᠡᠳᠴᠢᠨ ᠭᠡᠮ ᠣᠯᠬᠤ ᠦᠭᠡᠢ᠂ ᠲᠠᠷᠢᠮᠠᠯ ᠤᠨ ᠡᠰᠢ ᠰᠦᠷᠡᠯ ᠢ ᠠᠰᠢᠭᠯᠠᠨ ᠮᠠᠯᠵᠢᠬᠤ ᠳᠤ ᠴᠤ | ᠰᠠᠶᠢᠨ ᠪᠠᠶᠢᠳᠠᠭ᠃ | ︵ᠢᠷᠡᠯᠲᠡ᠄ ᠰᠣᠳᠣᠭᠡᠷᠡᠯ᠂ ᠪᠠᠪᠤᠯᠠᠢ᠂ ᠬᠥᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ | ᠪᠣᠷᠳᠣᠯᠭᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ᠃︶ | ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ | ᠣᠷᠣᠨ ᠤ ᠲᠢᠩᠬᠡᠮ |