ᠪᠥᠭᠡᠮ ᠬᠦᠴᠢᠯ ᠤᠨ ᠪᠠᠶᠢᠴᠠᠭᠠᠯᠲᠠ᠂ ᠥᠳᠥᠭᠡᠭᠴᠢ ᠶᠢᠨ ᠪᠠᠶᠢᠴᠠᠭᠠᠯᠲᠠ ᠳᠤ  ᠠᠷᠭ᠎ᠠ ᠴᠢᠨᠠᠷ ᠢᠯᠡᠷᠡᠪᠡᠯ  ᠠᠩᠬᠠᠷᠬᠤ ᠴᠢᠬᠤᠯᠠᠲᠠᠢ ᠵᠦᠢᠯ
ᠨᠡᠶᠢᠲᠡᠯᠡᠭᠰᠡᠨ ᠴᠠᠭ᠄
2022/12/19
      10  ᠰᠠᠷ᠎ᠠ   ᠶᠢᠨ  31 ᠤ  ᠡᠳᠦᠷ  ᠬᠤᠷᠠᠯᠳᠤᠭᠤᠯᠤᠭᠰᠠᠨ  ᠬᠥᠬᠡᠬᠤᠲᠠ ᠶᠢᠨ  ᠰᠢᠨ᠎ᠡ  ᠲᠢᠲᠢᠮᠯᠢᠭ   ᠠᠭᠤᠰᠬᠢᠨ ᠦᠷᠪᠢᠰᠦᠯ ᠤᠨ ᠬᠢᠵᠢᠭ   ᠢ ᠰᠡᠷᠭᠡᠶᠢᠯᠡᠨ ᠬᠤᠷᠢᠭᠯᠠᠬᠤ ᠰᠣᠨᠢᠨ  ᠮᠡᠳᠡᠭᠡ  ᠨᠡᠶᠢᠲᠡᠯᠡᠬᠦ  ᠬᠤᠷᠠᠯ ᠳᠡᠭᠡᠷ᠎ᠡ   ᠨᠡᠶᠢᠲᠡᠯᠡᠭᠰᠡᠨ   ᠢᠶᠠᠷ᠂ ᠬᠦᠬᠡᠬᠤᠳᠡ ᠶᠢᠨ ᠬᠢᠨ ᠣᠶᠢᠷ᠎ᠠ ᠶᠢᠨ ᠬᠤᠭᠤᠴᠠᠭᠠᠨ   ᠳᠤ  ︽ᠥᠳᠥᠭᠡᠭᠴᠢ   ᠶᠢᠨ   ᠪᠠᠶᠢᠴᠠᠭᠠᠯᠲᠠ  +  ᠪᠥᠭᠡᠮ  ᠬᠦᠴᠢᠯ ᠤᠨ ᠪᠠᠶᠢᠴᠠᠭᠠᠯᠲᠠ︾ ᠶᠢᠨ ᠬᠠᠮ ᠪᠠᠶᠢᠴᠠᠭᠠᠯᠲᠠ ᠶᠢᠨ ᠠᠷᠭ᠎ᠠ ᠬᠡᠯᠪᠡᠷᠢ ᠶᠢ  ᠬᠡᠷᠡᠭᠯᠡᠪᠡ᠃                      ᠬᠡᠷᠪᠡ ᠥᠳᠥᠭᠡᠭᠴᠢ ᠶᠢᠨ ᠪᠠᠶᠢᠴᠠᠭᠠᠯᠲᠠ ᠶᠢᠨ ᠦᠷ᠎ᠡ ᠳ᠋ᠦᠩ ᠨᠢ ᠠᠷᠭ᠎ᠠ  ᠴᠢᠨᠠᠷ  ᠢᠯᠡᠷᠡᠪᠡᠯ  ᠳᠣᠣᠷᠠᠬᠢ   ᠭᠤᠷᠪᠠᠨ ᠠᠯᠬᠤᠮ ᠢᠶᠠᠷ ᠬᠢᠭᠡᠷᠡᠢ᠄                    ᠨᠢᠭᠡ ᠳᠤ᠂ ᠠᠮᠠᠪᠴᠢ ᠪᠠᠨ  ᠳᠠᠷᠤᠢ ᠳᠤᠨᠢ  ᠵᠡᠭᠦᠵᠦ᠂  ᠬᠠᠮᠲᠤ  ᠰᠠᠭᠤᠭ᠎ᠠ  ᠬᠥᠮᠥᠰ ᠠᠴᠠ ᠪᠠᠨ  ᠵᠣᠬᠢᠬᠤ   ᠵᠠᠢ ᠲᠠᠢ ᠪᠠᠶᠢᠵᠤ᠂ ᠨᠥᠬᠦᠴᠡᠯ ᠲᠠᠢ ᠪᠣᠯ ᠭᠠᠭᠴᠠᠭᠠᠷ ᠢᠶᠠᠨ ᠨᠢᠭᠡ ᠥᠷᠥᠭᠡ ᠳᠤ ᠰᠠᠭᠤᠨ᠎ᠠ︔                      ᠬᠤᠶᠠᠷ ᠲᠤ᠂ ᠲᠡᠷᠡ ᠳᠠᠷᠤᠢ ᠳᠤᠨᠢ ᠪᠠᠶᠢᠭ᠎ᠠ  ᠨᠡᠶᠢᠭᠡᠮ  ᠲᠣᠭᠤᠷᠢᠭ ᠲᠠᠭᠠᠨ  ᠮᠡᠳᠡᠭᠦᠯᠵᠦ᠂  ᠰᠠᠭᠤᠭ᠎ᠠ  ᠬᠠᠶ᠋ᠢᠭ  ᠪᠠ ᠠᠷᠭ᠎ᠠ ᠴᠢᠨᠠᠷ ᠢᠯᠡᠷᠡᠭᠰᠡᠨ ᠪᠠᠶᠢᠳᠠᠯ ᠢᠶᠠᠨ ᠮᠡᠳᠡᠭᠳᠡᠵᠦ᠂ ᠪᠥᠭᠡᠮ ᠬᠦᠴᠢᠯ ᠤᠨ ᠪᠠᠶᠢᠴᠠᠭᠠᠯᠲᠠ  ᠲᠣᠬᠢᠷᠠᠭᠤᠯᠬᠤ ᠶᠢ ᠬᠦᠯᠢᠶᠡᠨ᠎ᠡ︔                      ᠭᠤᠷᠪᠠ ᠳᠤ᠂ ᠬᠡᠷᠡᠭᠯᠡᠵᠦ ᠥᠩᠭᠡᠷᠡᠭᠰᠡᠨ ᠦᠯᠢᠭᠡᠷ ᠠᠪᠤᠭᠰᠠᠨ ᠭᠤᠤᠷᠰᠤ᠂ ᠪᠠᠶᠢᠴᠠᠭᠠᠯᠲᠠ ᠶᠢᠨ  ᠺᠠᠷᠲ   ᠵᠡᠷᠭᠡ ᠪᠠᠨ ᠪᠦᠷᠢᠨ ᠴᠤᠭᠯᠠᠭᠤᠯᠵᠤ᠂ ᠨᠢᠭᠲᠠ ᠪᠢᠲᠡᠭᠦᠮᠵᠢᠯᠡᠭᠰᠡᠨ ᠤᠭᠤᠲᠠᠨ ᠳᠤ ᠬᠢᠵᠦ᠂  ᠬᠠᠮᠢᠶᠠᠷᠤᠯᠲᠠ ᠶᠢᠨ   ᠠᠵᠢᠯᠲᠠᠨ ᠳᠤ  ᠲᠤᠰᠢᠶᠠᠵᠤ ᠡᠮᠴᠢᠯᠡᠭᠡᠨ ᠤ ᠬᠠᠶᠠᠭᠳᠠᠮᠠᠯ ᠪᠣᠳᠠᠰ ᠢᠶᠠᠷ ᠰᠢᠢᠳᠪᠦᠷᠢᠯᠡᠭᠦᠯᠦᠨ᠎ᠡ᠃                      ᠬᠡᠷᠪᠡ ᠪᠥᠭᠡᠮ ᠬᠦᠴᠢᠯ ᠤᠨ ᠪᠠᠶᠢᠴᠠᠭᠠᠯᠲᠠ  ᠬᠡᠪ ᠤᠨ  ᠪᠤᠰᠤ  ᠪᠠᠶᠢᠪᠠᠯ᠂  ᠮᠡᠳᠡᠭᠳᠡᠯ ᠢ  ᠳᠤᠰᠤᠭᠰᠠᠨ   ᠤ   ᠳᠠᠷᠠᠭ᠎ᠠ ᠳᠣᠣᠷᠠᠬᠢ ᠲᠠᠪᠤᠨ ᠲᠠᠯ᠎ᠠ ᠶᠢ ᠰᠠᠶᠢᠲᠤᠷ ᠬᠢᠬᠦ ᠬᠡᠷᠡᠭᠲᠡᠢ᠄                      ᠨᠢᠭᠡ ᠳᠤ᠂ ᠯᠠᠪᠳᠠᠭᠤᠨ ᠲᠣᠭᠲᠠᠭᠤᠨ ᠪᠠᠶᠢᠵᠤ᠂ ᠶᠠᠭᠠᠬᠢᠭᠰᠠᠨ ᠴᠤ ᠠᠶᠤᠵᠤ ᠰᠠᠨᠳᠤᠷᠴᠤ ᠪᠣᠯᠬᠤ ᠦᠭᠡᠢ︔                      ᠬᠤᠶᠠᠷ ᠲᠤ᠂ ᠲᠡᠷᠡ ᠳᠠᠷᠤᠢ ᠳᠤᠨᠢ ᠪᠠᠶᠢᠭ᠎ᠠ  ᠭᠠᠵᠠᠷ   ᠲᠠᠭᠠᠨ  ᠪᠡᠶ᠎ᠡ ᠪᠠᠨ  ᠲᠤᠰᠠᠭᠠᠷᠯᠠᠵᠤ᠂   ᠨᠥᠬᠦᠴᠡᠯ ᠲᠠᠢ  ᠪᠣᠯ ᠭᠠᠭᠴᠠᠭᠠᠷ ᠢᠶᠠᠨ ᠨᠢᠭᠡ  ᠦᠷᠦᠭᠡ   ᠳᠤ  ᠰᠠᠭᠤᠵᠤ᠂  ᠠᠮᠠᠪᠴᠢ ᠪᠠᠨ  ᠵᠡᠭᠦᠵᠦ᠂  ᠪᠤᠰᠤᠳ   ᠬᠥᠮᠥᠨ ᠲᠠᠢ  ᠵᠣᠬᠢᠬᠤ  ᠵᠠᠢ ᠶᠢ ᠪᠠᠲᠤᠯᠠᠬᠤ ᠶᠢᠨ ᠬᠠᠮᠲᠤ ᠬᠠᠷᠢᠯᠴᠠᠭ᠎ᠠ ᠬᠤᠯᠪᠣᠭ᠎ᠠ ᠪᠠᠨ ᠲᠠᠰᠤᠯᠳᠠᠬᠤ ᠦᠭᠡᠢ  ᠪᠠᠶᠢᠬᠤ ᠬᠡᠷᠡᠭᠲᠡᠢ︔                      ᠭᠤᠷᠪᠠ ᠳᠤ᠂ ᠥᠪᠡᠷ ᠤᠨ ᠣᠶᠢᠷ᠎ᠠ ᠶᠢᠨ ᠬᠡᠳᠦᠨ ᠡᠳᠦᠷ ᠤᠨ  ᠶᠠᠪᠤᠵᠤ  ᠰᠠᠭᠤᠭᠰᠠᠨ  ᠵᠠᠮ  ᠱᠤᠭᠤᠮ ᠢᠶᠠᠨ   ᠨᠠᠷᠢᠨ ᠨᠢᠮᠪᠠᠢ ᠡᠷᠭᠢᠴᠡᠭᠦᠯᠦᠨ᠎ᠡ︔                      ᠳᠥᠷᠪᠡ ᠳᠤ᠂ ᠣᠶᠢᠷ᠎ᠠ ᠶᠢᠨ ᠬᠤᠭᠤᠴᠠᠭᠠᠨ ᠳᠤ ᠨᠢᠭᠲᠠ ᠣᠶᠢᠷᠠᠲᠤᠭᠰᠠᠳ ᠲᠠᠭᠠᠨ  ᠮᠡᠳᠡᠭᠳᠡᠵᠦ᠂  ᠬᠥᠮᠥᠨ   ᠤᠯᠠᠨ ᠴᠤᠭᠯᠠᠷᠠᠳᠠᠭ ᠲᠠᠯᠠᠪᠤᠷ ᠲᠤ ᠣᠴᠢᠬᠤ ᠠᠴᠠ  ᠵᠠᠶᠢᠯᠠᠰᠬᠢᠵᠦ᠂  ᠥᠪᠡᠷ ᠤᠨ  ᠡᠷᠡᠭᠦᠯ  ᠮᠡᠨᠳᠤ ᠶᠢᠨ  ᠬᠢᠨᠠᠨ   ᠪᠠᠶᠢᠴᠠᠭᠠᠯᠲᠠ ᠪᠠᠨ ᠰᠠᠶᠢᠲᠤᠷ ᠬᠢᠵᠦ᠂ ᠵᠣᠬᠢᠴᠠᠭᠤᠯᠤᠨ ᠲᠣᠬᠢᠷᠠᠭᠤᠯᠵᠤ ᠬᠠᠮᠢᠶᠠᠷᠤᠨ ᠡᠵᠡᠮᠳᠡᠬᠦ ᠠᠵᠢᠯ ᠲᠠᠢ  ᠬᠠᠮᠵᠢᠯᠴᠠᠬᠤ ᠬᠡᠷᠡᠭᠲᠡᠢ︔                      ᠲᠠᠪᠤ ᠳᠤ᠂ ᠪᠡᠶ᠎ᠡ ᠶᠢᠨ ᠦᠨᠡᠮᠯᠡᠯ᠂ ᠪᠠᠶᠢᠩᠭᠤ ᠬᠡᠷᠡᠭᠯᠡᠬᠦ ᠡᠮ ᠤᠨ ᠵᠦᠢᠯ᠂ ᠰᠣᠯᠢᠵᠤ ᠤᠬᠢᠶᠠᠬᠤ ᠬᠤᠪᠴᠠᠰᠤ   ᠬᠤᠨᠠᠷ᠂ ᠠᠮᠢᠳᠤᠷᠠᠯ ᠤᠨ ᠬᠡᠷᠡᠭᠰᠡᠯ ᠵᠡᠷᠭᠡ ᠡᠮᠴᠢᠯᠡᠭᠡᠨ ᠤ ᠪᠠᠶᠢᠭᠤᠯᠤᠮᠵᠢ ᠪᠤᠶᠤ ᠲᠥᠪᠯᠡᠷᠡᠭᠦᠯᠦᠨ ᠲᠤᠰᠠᠭᠠᠷᠯᠠᠬᠤ  ᠲᠠᠯᠠᠪᠤᠷ ᠲᠤ ᠣᠴᠢᠬᠤ ᠳᠤ ᠬᠡᠷᠡᠭᠰᠡᠬᠦ ᠡᠳ᠋ ᠪᠣᠳᠠᠰ ᠢᠶᠠᠨ ᠪᠡᠯᠡᠳᠬᠡᠵᠦ᠂ ᠣᠨᠴᠠᠭᠠᠶᠢᠯᠠᠨ ᠭᠠᠷ ᠤᠲᠠᠰᠤᠨ ᠤ  ᠴᠠᠬᠢᠯᠭᠠᠨ ᠴᠡᠨᠡᠭᠯᠡᠬᠦ  ᠤᠲᠠᠰᠤ ᠪᠠᠨ  ᠮᠠᠷᠲᠠᠬᠤ   ᠦᠭᠡᠢ ᠶᠢ ᠰᠠᠨᠠᠭᠤᠯᠵᠤ ᠪᠠᠶᠢᠨ᠎ᠠ᠃                    ᠬᠡᠷᠪᠡ ᠤᠯᠡᠡ ᠬᠥᠮᠥᠨ ᠬᠠᠮ ᠭᠤᠤᠷᠰᠤ ᠶᠢᠨ ᠪᠥᠭᠡᠮ ᠬᠦᠴᠢᠯ ᠤᠨ ᠪᠠᠶᠢᠴᠠᠭᠠᠯᠲᠠ ᠬᠢᠵᠦ᠂ ᠠᠷᠭ᠎ᠠ   ᠴᠢᠨᠠᠷ ᠢᠯᠡᠷᠡᠪᠡᠯ ᠮᠡᠳᠡᠭᠳᠡᠯ ᠢ ᠳᠤᠰᠤᠭᠰᠠᠨ ᠤ ᠳᠠᠷᠠᠭ᠎ᠠ ᠥᠪᠡᠷ ᠤᠨ ᠪᠠᠶᠢᠭ᠎ᠠ ᠣᠷᠣᠨ ᠪᠠᠶᠢᠷᠢ ᠪᠠᠨ ᠲᠣᠳᠣ ᠬᠡᠯᠡᠵᠦ  ᠥᠭᠬᠦ  ᠶᠢᠨ  ᠬᠠᠮᠲᠤ  ᠲᠡᠷᠡ ᠳᠠᠷᠤᠢ ᠳᠤᠨᠢ ᠠᠮᠠᠪᠴᠢ ᠪᠠᠨ ᠵᠡᠭᠦᠵᠦ᠂ ᠪᠤᠰᠤᠳ ᠬᠥᠮᠥᠨ ᠲᠠᠢ ᠵᠣᠬᠢᠬᠤ  ᠵᠠᠢ ᠶᠢ  ᠪᠠᠲᠤᠯᠠᠵᠤ᠂  ᠲᠠᠬᠢᠨ  ᠪᠥᠭᠡᠮ  ᠬᠦᠴᠢᠯ ᠤᠨ ᠪᠠᠶᠢᠴᠠᠭᠠᠯᠲᠠ ᠬᠢᠯᠭᠡᠬᠦ ᠪᠠᠷ ᠬᠦᠯᠢᠶᠡᠨ᠎ᠡ᠃    
 
ᠢᠷᠡᠯᠲᠡ᠄ ᠥᠪᠥᠷ ᠮᠣᠩᠭᠤᠯ ᠤᠨ ᠮᠣᠩᠭᠤᠯ ᠷᠠᠳᠢᠣ᠋
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1