ᠠᠭᠤᠷ ᠤᠴᠠᠭᠠᠷ ᠢ ᠲᠠᠶᠢᠳᠬᠤᠷᠠᠭᠤᠯᠬᠤ ᠢᠳᠡᠭᠡᠨ
ᠨᠡᠶᠢᠲᠡᠯᠡᠭᠰᠡᠨ ᠴᠠᠭ᠄
2018/6/26
     ᠵᠦᠷᠵᠢ ᠶᠢᠨ ᠬᠠᠯᠢᠰᠦ      ᠵᠦᠷᠵᠢ ᠶᠢᠨ ᠬᠠᠯᠢᠰᠦ ᠶᠢ ᠤᠬᠢᠶᠠᠵᠦ ᠬᠠᠳᠠᠭᠠᠭᠠᠳ ᠴᠠᠢ ᠶᠢᠨ ᠨᠠᠪᠴᠢ ᠲᠠᠢ ᠬᠠᠮᠲᠦ ᠪᠤᠶᠤ ᠠᠰᠲᠠᠭᠠᠨ ᠴᠢᠢᠯᠡᠵᠦ ᠤᠤᠭᠤᠪᠠᠯ᠂ ᠠᠮᠲᠠ ᠨᠢ ᠰᠠᠶᠢᠬᠠᠨ ᠪᠠᠶᠢᠳᠠᠭ ᠮᠦᠷᠳᠡᠭᠡᠨ ᠵᠢᠪᠬᠤᠭ᠎ᠠ ᠲᠡᠭᠦᠯᠲᠡᠷ ᠪᠤᠯᠭᠠᠵᠦ ᠬᠡᠢ ᠶᠢ ᠨᠡᠪᠲᠡᠷᠡᠭᠦᠯᠦᠨ᠎ᠡ᠃ ᠨᠤᠭᠤᠭ᠎ᠠ ᠵᠠᠭᠤᠰᠢ ᠬᠢᠬᠦ ᠳᠡᠭᠡᠨ ᠴᠤ ᠬᠡᠳᠦᠨ ᠬᠡᠰᠡᠭ ᠬᠢᠪᠡᠯ ᠢᠳᠡᠰᠢᠨ ᠲᠤᠷᠠᠰᠢᠯ ᠢ ᠨᠡᠮᠡᠭᠳᠡᠭᠦᠯᠦᠨ᠎ᠡ᠃      2. ᠴᠠᠭᠠᠨ ᠯᠤᠤᠪᠠᠨᠭ᠌ ᠰᠢᠨ᠎ᠡ ᠰᠤᠷᠭᠤᠭ      ᠴᠠᠭᠠᠨ ᠯᠤᠤᠪᠠᠨᠭ᠌ ᠢ ᠬᠡᠰᠡᠭᠯᠡᠵᠦ ᠵᠦᠰᠦᠭᠡᠳ ᠲᠤᠳᠤᠷᠭ᠎ᠠ ᠪᠤᠳᠠᠭ᠎ᠠ ᠲᠠᠢ ᠬᠠᠮᠲᠦ ᠴᠢᠨᠠᠵᠦ ᠰᠢᠩᠭᠡᠨ ᠪᠤᠳᠠᠭ᠎ᠠ ᠪᠤᠯᠭᠠᠨ᠎ᠠ᠃ ᠡᠨᠡ ᠨᠢ ᠬᠠᠨᠢᠶᠠᠳᠦ ᠶᠢ ᠵᠤᠭᠰᠤᠭᠠᠵᠦ ᠴᠠᠷ ᠢ ᠠᠷᠢᠯᠭᠠᠵᠦ᠂ ᠢᠳᠡᠰᠢ ᠶᠢ ᠰᠢᠩᠭᠡᠭᠡᠬᠦ ᠦᠢᠯᠡᠳᠦᠯ ᠲᠠᠢ᠃      3. ᠲᠤᠯᠤᠨᠤ      ᠳᠤᠯᠤᠨᠤ ᠨᠢ ᠢᠳᠡᠰᠢ ᠬᠤᠷᠠᠮᠳᠤᠭᠰᠠᠨ ᠠᠴᠠ ᠪᠤᠯᠤᠭᠰᠠᠨ ᠴᠡᠭᠡᠵᠢ ᠲᠡᠯᠡᠵᠦ ᠡᠪᠡᠳᠬᠦ᠂ ᠠᠭᠤᠷᠯᠠᠭᠰᠠᠨ ᠠᠴᠠ ᠪᠤᠯᠤᠭᠰᠠᠨ ᠵᠢᠷᠦᠭᠡᠨ ᠴᠤᠬᠢᠯᠲᠡ ᠲᠦᠷᠭᠡᠰᠦᠭᠰᠡᠨ᠂ ᠵᠢᠷᠦᠭᠡᠨ ᠬᠡᠮᠯᠡᠯ ᠲᠡᠭᠰᠢ ᠪᠤᠰᠤ ᠪᠤᠯᠤᠭᠰᠠᠨ ᠵᠡᠷᠭᠡ ᠢᠯᠡᠷᠡᠯ ᠢ ᠨᠠᠮᠳᠠᠭᠠᠬᠤ ᠳᠤ ᠵᠤᠬᠢᠬᠤ ᠦᠢᠯᠡᠳᠦᠯ ᠲᠠᠢ᠃ ᠲᠦᠭᠦᠭᠡᠢ ᠪᠠᠷ ᠢᠳᠡᠬᠦ᠂ ᠴᠢᠨᠠᠵᠦ ᠢᠳᠡᠬᠦ ᠪᠤᠶᠤ ᠤᠰᠤᠨ ᠳᠤ ᠲᠡᠪᠲᠦᠭᠡᠬᠦ ᠵᠡᠷᠭᠡ ᠶᠢᠨ ᠠᠯᠢ ᠨᠢ ᠴᠤ ᠲᠤᠰᠠᠲᠠᠢ ᠪᠠᠶᠢᠳᠠᠭ᠃      4. ᠰᠠᠷᠭᠠᠢ ᠴᠡᠴᠡᠭ      ᠰᠠᠷᠭᠠᠢ ᠴᠡᠴᠡᠭ ᠢ ᠴᠢᠢᠯᠡᠵᠦ ᠤᠤᠭᠤᠬᠤ ᠨᠢ ᠢᠳᠡᠰᠢ ᠶᠢ ᠰᠢᠩᠭᠡᠭᠡᠬᠦ ᠳᠤ ᠲᠤᠰᠠᠲᠠᠢ ᠪᠠᠶᠢᠵᠦ᠂ ᠬᠠᠯᠠᠭᠤᠳᠠᠵᠦ ᠴᠡᠷ ᠰᠠᠭᠤᠭᠰᠠᠨ ᠬᠦᠮᠦᠨ ᠤᠤᠭᠤᠪᠠᠯ ᠬᠠᠯᠠᠭᠤᠨ ᠢ ᠬᠦᠭᠡᠭᠡᠵᠦ ᠴᠡᠷ ᠢ ᠠᠷᠢᠯᠭᠠᠨ᠎ᠠ᠃ ᠡᠭᠦᠨ ᠠᠴᠠ ᠭᠠᠳᠠᠨ᠎ᠠ᠂ ᠰᠠᠷᠭᠠᠢ ᠴᠡᠴᠡᠭ ᠢ ᠦᠷᠦᠭᠡᠨ ᠳᠡᠭᠡᠨ ᠲᠠᠷᠢᠪᠠᠯ ᠠᠩᠬᠢᠯᠤᠮ᠎ᠠ ᠦᠨᠦᠷ ᠰᠡᠩᠭᠢᠨᠡᠵᠦ᠂ ᠤᠷᠮ᠎ᠠ ᠰᠡᠳᠬᠢᠯᠭᠡ ᠴᠤ ᠮᠠᠰᠢ ᠲᠠᠭᠠᠯᠠᠮᠵᠢᠲᠠᠢ ᠪᠤᠯᠳᠠᠭ᠃      5. ᠴᠤᠺᠤᠯᠠᠳ᠋      ᠭᠧᠷᠮᠠᠨ ᠤ ᠰᠢᠮ᠎ᠡ ᠲᠡᠵᠢᠭᠡᠯ ᠤᠨ ᠤᠬᠠᠭᠠᠡᠳᠠᠨ ᠠᠴᠠ ᠴᠤᠺᠤᠯᠠᠳ᠋ ᠢᠳᠡᠬᠦ ᠨᠢ ᠬᠦᠮᠦᠨ ᠢ ᠪᠠᠶᠠᠷᠯᠠᠭᠤᠯᠳᠠᠭ᠂ ᠡᠨᠡ ᠨᠢ ᠴᠤᠺᠤᠯᠠᠳ᠋ ᠨᠢ ᠶᠡᠭᠡ ᠲᠡᠷᠢᠬᠢᠨ ᠳᠤ ᠨᠡᠶᠢᠯᠡᠮᠡᠯ ᠠᠮᠢᠨ ᠢᠯᠭᠠᠷᠠᠭᠤᠯᠳᠠᠭ ᠠᠴᠠ ᠪᠤᠯᠤᠭᠰᠠᠨ ᠬᠡᠳᠡᠭ ᠢ ᠵᠢᠭᠠᠵᠦ ᠭᠠᠷᠭᠠᠭᠰᠠᠨ ᠪᠠᠶᠢᠨ᠎ᠠ᠃ ᠨᠡᠶᠢᠯᠡᠮᠡᠯ ᠠᠮᠢᠨ ᠨᠢ ᠦᠡᠭᠭᠡᠨ ᠠᠮᠢᠨ ᠬᠦᠴᠢᠯ ᠠᠴᠠ ᠪᠦᠷᠢᠯᠳᠦᠵᠦ᠂ ᠡᠭᠦᠨ ᠢ ᠬᠦᠮᠦᠨ ᠤ ᠪᠡᠶ᠎ᠡ ᠦᠪᠡᠷ ᠢᠶᠠᠨ ᠦᠢᠯᠡᠳᠴᠦ ᠲᠡᠶᠢᠯᠬᠦ ᠦᠭᠡᠢ ᠶᠤᠮ᠂ ᠵᠦᠪᠬᠡᠨ ᠢᠳᠡᠵᠦ ᠤᠷᠤᠭᠤᠯᠤᠭᠰᠠᠨ ᠢᠳᠡᠭᠡᠨ ᠳᠤ ᠲᠦᠰᠢᠭᠯᠡᠨ᠎ᠡ᠃ ᠴᠤᠺᠤᠯᠠᠳ᠋ ᠤᠨ ᠲᠤᠰ ᠪᠡᠶ᠎ᠡ ᠶᠢᠨ ᠦᠡᠭᠭᠡᠨ ᠠᠮᠢᠨ ᠬᠦᠴᠢᠯ ᠤᠨ ᠠᠭᠤᠯᠤᠭᠳᠠᠴᠠ ᠨᠢ ᠦᠨᠳᠦᠷ ᠪᠢᠰᠢ᠂ ᠬᠠᠷᠢᠨ ᠲᠡᠭᠦᠨ ᠳᠤ ᠶᠡᠭᠡ ᠬᠡᠮᠵᠢᠶᠡᠨ ᠤ ᠰᠢᠬᠢᠷ ᠠᠭᠤᠯᠤᠭᠳᠠᠵᠦ᠂ ᠢᠨᠰᠦ᠋ᠯᠢᠨ ᠡᠭᠦᠰᠭᠡᠳᠡᠭ᠃ ᠢᠨᠰᠦ᠋ᠯᠢᠨ ᠨᠢ ᠨᠡᠶᠢᠯᠡᠮᠡᠯ ᠠᠮᠢᠨ ᠪᠦᠷᠢᠯᠳᠦᠬᠦ ᠶᠢ ᠠᠭᠢᠭᠤᠯᠳᠠᠭ᠃ ᠨᠡᠶᠢᠯᠡᠮᠠᠯ ᠠᠮᠢᠨ ᠨᠢ ᠲᠡᠷᠢᠬᠢᠨ ᠮᠡᠳᠡᠷᠡᠯ ᠳᠤ ᠵᠤᠭᠰᠤᠩᠭᠤᠢᠢᠷᠠᠬᠤ ᠦᠶᠡᠰ ᠬᠦᠮᠦᠰ ᠤᠨ ᠤᠷᠮ᠎ᠠ ᠶᠢ ᠬᠦᠭᠵᠢᠭᠡᠳᠡᠭ᠃      6. ᠪᠠᠨᠠᠨᠠ      ᠪᠠᠨᠠᠨᠠ ᠳᠤ ᠨᠢᠭᠡᠨ ᠵᠦᠢᠯ ᠤᠨ ALKALOID ᠬᠡᠰᠡᠨ ᠠᠮᠢᠳᠤ ᠪᠤᠳᠠᠰ ᠤᠨ ᠱᠦᠯᠳᠦ ᠠᠭᠤᠯᠤᠭᠳᠠᠵᠦ᠂ ᠡᠨᠡ ᠨᠢ ᠬᠦᠮᠦᠨ ᠢ ᠴᠤᠭ ᠵᠢᠪᠬᠤᠭ᠎ᠠ ᠲᠠᠢ ᠪᠤᠯᠭᠠᠵᠦ ᠢᠳᠡᠭᠡᠯ ᠢ ᠨᠡᠮᠡᠭᠳᠡᠭᠦᠯᠲᠡᠭ᠃ ᠲᠡᠭᠡᠬᠦ ᠮᠦᠷᠳᠡᠭᠡᠨ ᠪᠠᠨᠠᠨᠠ ᠨᠢ ᠦᠡᠭᠭᠡᠨ ᠠᠮᠢᠨ ᠬᠦᠴᠢᠯ ᠪᠠ ᠸᠢᠲ᠋ᠠᠮᠢᠨ B6 ᠶᠢᠨ ᠢᠷᠡᠯᠲᠡ ᠪᠠᠶᠢᠵᠦ᠂ ᠡᠳᠡᠭᠡᠷ ᠨᠢ ᠶᠡᠭᠡ ᠲᠠᠷᠢᠬᠢ ᠶᠢ ᠬᠠᠮᠵᠢᠵᠦ ᠴᠢᠰᠦᠨ ᠴᠠᠶᠢᠪᠠᠨᠭ᠌ ᠡᠭᠦᠰᠭᠡᠵᠦ᠂ ᠪᠤᠬᠢᠨᠢᠳᠦᠯ ᠠᠴᠠ ᠵᠠᠶᠢᠳᠠᠭᠤᠯᠳᠠᠭ᠃      7. ᠯᠠᠩᠭᠤᠸᠠ      ᠯᠠᠩᠭᠤᠸᠠ ᠢᠳᠡᠬᠦ ᠨᠢ ᠬᠦᠮᠦᠰ ᠲᠤ ᠪᠠᠶᠠᠷ ᠪᠠᠭ᠋ᠠᠳᠤᠯ ᠲᠦᠷᠦᠭᠦᠯᠳᠡᠭ᠂ ᠤᠴᠢᠷ ᠨᠢ ᠲᠡᠭᠦᠨ ᠳᠤ ᠸᠢᠲᠨᠮᠢᠨ B6 ᠪᠠ ᠲᠡᠮᠦᠷ ᠡᠯᠪᠡᠭ ᠠᠭᠤᠯᠤᠭᠳᠠᠵᠦ᠂ ᠡᠨᠡᠬᠦ ᠬᠤᠶᠠᠷ ᠰᠢᠮ᠎ᠡ ᠲᠡᠵᠢᠭᠡᠯ ᠤᠨ ᠡᠳ᠋ ᠨᠢ ᠬᠦᠮᠦᠨ ᠤ ᠪᠡᠶ᠎ᠡ ᠳᠤ ᠬᠠᠮᠵᠢᠵᠦ ᠴᠢᠰᠦᠨ ᠰᠢᠬᠢᠷ ᠬᠠᠳᠠᠭᠠᠯᠠᠨ ᠦᠭᠴᠦ ᠦᠵᠦᠮ ᠤᠨ ᠰᠢᠬᠢᠷ ᠪᠤᠯᠭᠠᠵᠦ ᠬᠤᠪᠢᠷᠠᠭᠤᠯᠳᠠᠭ᠂ ᠦᠵᠦᠮ ᠤᠨ ᠰᠢᠬᠢᠷ ᠨᠢ ᠶᠠᠭ ᠰᠠᠶᠢᠬᠠᠨ ᠲᠠᠷᠢᠬᠢ ᠶᠢ ᠬᠦᠭᠵᠢᠭᠡᠬᠦ ᠪᠤᠳᠠᠰ ᠮᠦᠨ᠃      8. ᠲᠠᠬᠢᠶᠠᠨ ᠮᠢᠬ᠎ᠠ      ᠠᠩᠭ᠍ᠯᠢ ᠶᠢᠨ ᠰᠡᠳᠬᠢᠴᠡ ᠶᠢᠨ ᠤᠬᠠᠭᠠᠨᠲᠠᠨ ᠪᠠᠨᠳᠦ᠋ᠨ ᠪᠠ ᠺᠦᠺᠧ ᠬᠤᠶᠠᠭᠤᠯᠠ ᠲᠤᠷᠰᠢᠭᠴᠢᠳ ᠲᠤ 100 ᠮᠢᠺᠷᠦᠭᠷᠠᠮ ᠰᠧᠯᠧᠨ ᠢᠳᠡᠭᠦᠯᠦᠭᠰᠡᠨ ᠤ ᠲᠠᠷᠠᠭ᠎ᠠ᠂ ᠲᠤᠷᠰᠢᠭᠴᠢᠳ ᠨᠡᠶᠢᠲᠡᠮ ᠳᠡᠭᠡᠨ ᠴᠤᠭ ᠵᠢᠪᠬᠤᠭ᠎ᠠ ᠲᠡᠭᠦᠯᠲᠡᠷ ᠪᠤᠯᠵᠦ᠂ ᠰᠡᠳᠬᠢᠯ ᠰᠠᠨᠠᠭ᠎ᠠ ᠠᠭᠤᠵᠢᠷᠠᠯ᠎ᠠ ᠭᠡᠵᠡᠢ᠃ ᠰᠧᠯᠧᠨ ᠨᠢ ᠭᠤᠤᠯᠳᠠᠭᠤ ᠲᠠᠬᠢᠶᠠᠨ ᠮᠢᠬ᠎ᠠ᠂ ᠲᠠᠯᠠᠢ ᠶᠢᠨ ᠰᠢᠨ᠎ᠡ ᠰᠤᠷᠭᠤᠭ ᠢᠳᠡᠭᠡᠨ᠂ ᠠᠮᠦ ᠪᠤᠳᠠᠭᠠᠨ ᠤ ᠲᠦᠷᠦᠯ ᠵᠡᠷᠭᠡ ᠳᠤ ᠡᠯᠪᠡᠭ ᠠᠭᠤᠯᠤᠭᠳᠠᠵᠦ ᠪᠠᠶᠢᠳᠠᠭ᠃      9. ᠦᠭᠡᠭᠦ ᠪᠠᠭᠠᠲᠠᠢ ᠰᠦ      ᠨᠢᠦ᠋ ᠶᠤᠷᠺ ᠤᠨ ᠨᠢᠭᠡᠨ ᠡᠮ ᠤᠨ ᠰᠤᠳᠤᠯᠭᠠᠨ ᠤ ᠲᠦᠪ ᠠᠴᠠ ᠰᠠᠷ᠎ᠠ ᠶᠢᠨ ᠭᠭᠢᠷ ᠢᠷᠡᠬᠦ ᠠᠴᠠ ᠡᠮᠦᠨ᠎ᠡ ᠤᠷᠮ᠎ᠠ ᠮᠠᠭᠤ ᠪᠠᠶᠢᠳᠠᠭ ᠡᠮᠡᠭᠲᠡᠶᠢᠴᠦᠳ ᠲᠤ 1000 ᠯᠢᠯᠯᠢᠭᠷᠡᠮ ᠺᠠᠯᠼ ᠢ 3 ᠰᠠᠷ᠎ᠠ ᠢᠳᠡᠭᠦᠯᠦᠭᠰᠡᠨ ᠤ ᠲᠠᠷᠠᠭ᠎ᠠ᠂ 3/4 ᠶᠢᠨ ᠬᠦᠮᠦᠨ ᠨᠢ ᠪᠠᠴᠢᠮᠳᠠᠬᠤ᠂ ᠠᠭᠤᠷᠯᠠᠵᠦ ᠬᠢᠯᠢᠩᠨᠡᠬᠦ ᠪᠤᠶᠤ ᠵᠤᠪᠠᠨᠢᠬᠤ ᠪᠠᠨ ᠪᠤᠯᠢᠭᠰᠠᠨ ᠭᠡᠳᠡᠭ ᠢ ᠤᠯᠵᠦ ᠮᠡᠳᠡᠵᠡᠢ᠃ ᠦᠬᠡᠬᠦ ᠪᠠᠭᠠᠲᠠᠢ ᠰᠦ ᠨᠢ ᠺᠠᠯᠼ ᠤᠨ ᠬᠠᠮᠤᠭ ᠰᠠᠶᠢᠨ ᠢᠷᠡᠯᠲᠡ ᠮᠦᠨ᠃      10. ᠦᠷᠭᠡᠰᠦᠳᠦ ᠨᠤᠭᠤᠭ᠎ᠠ      ᠦᠷᠭᠡᠰᠦᠳᠦ ᠨᠤᠭᠤᠭ᠎ᠠ ᠳᠤ ᠶᠡᠭᠡ ᠬᠡᠮᠵᠢᠶᠡᠨ ᠤ ᠲᠡᠮᠦᠷ ᠠᠭᠤᠯᠤᠭᠳᠠᠬᠤ ᠠᠴᠠ ᠭᠠᠳᠠᠨ᠎ᠠ᠂ ᠬᠦᠮᠦᠨ ᠤ ᠪᠡᠶ᠎ᠡ ᠳᠤ ᠡᠷᠭᠡᠪᠰᠢ ᠱᠠᠭᠠᠷᠳᠠᠭᠳᠠᠬᠤ ᠨᠠᠪᠴᠢᠨ ᠬᠦᠴᠢᠯ ᠠᠭᠤᠯᠤᠭᠳᠠᠳᠠᠭ᠃ ᠡᠮᠨᠡᠯᠭᠡ ᠶᠢᠨ ᠤᠬᠠᠭᠠᠨ ᠤ ᠰᠤᠷᠪᠤᠯᠵᠢ ᠪᠢᠴᠢᠭ ᠲᠤ ᠨᠠᠪᠴᠢᠨ ᠬᠦᠴᠢᠯ ᠲᠤᠳᠠᠭᠳᠠᠪᠠᠯ ᠭᠠᠨᠭ᠍ᠰᠠᠷᠠᠬᠤ ᠭᠡᠮ ᠵᠡᠷᠭᠡ ᠮᠡᠳᠡᠷᠡᠯ ᠤᠨ ᠡᠪᠡᠳᠴᠢᠨ ᠡᠭᠦᠰᠭᠡᠨ᠎ᠡ ᠭᠡᠵᠦ ᠲᠤᠷᠠᠳᠤᠨ ᠭᠠᠷᠭᠠᠭᠰᠠᠨ ᠶᠤᠮ᠃ ᠰᠤᠳᠤᠯᠭᠠᠨ ᠠᠴᠠ ᠮᠦᠨᠴᠦ ᠲᠡᠳᠡᠭᠡᠷ ᠨᠠᠪᠴᠢᠨ ᠬᠦᠴᠢᠯ ᠢ ᠰᠢᠩᠭᠡᠭᠡᠵᠦ ᠲᠡᠶᠢᠯᠬᠦ ᠦᠭᠡᠢ ᠬᠦᠮᠦᠰ 5 ᠰᠠᠷ᠎ᠠ ᠶᠢᠨ ᠲᠠᠷᠠᠭ᠎ᠠ ᠤᠨᠳᠠᠵᠦ ᠤᠷᠤᠬᠤ ᠪᠠᠨ ᠪᠤᠯᠢᠵᠦ᠂ ᠮᠠᠷᠲᠠᠮᠠᠲᠠᠭᠠᠢ ᠪᠤᠯᠬᠤ ᠪᠠ ᠵᠤᠪᠠᠨᠢᠬᠤ ᠵᠡᠷᠭᠡ ᠢᠯᠡᠷᠡᠯ ᠭᠠᠷᠳᠠᠭ ᠪᠠᠶᠢᠨ᠎ᠠ ᠭᠡᠰᠡᠨ ᠢ ᠤᠯᠵᠦ ᠮᠡᠳᠡᠵᠡᠢ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1