ᠭᠠᠷᠠᠭ ᠲᠤ ᠬᠠᠭᠠᠰ ᠴᠠᠭ ᠲᠤᠭᠤᠢ ᠤᠨᠤᠪᠠᠯ ᠤᠯᠠᠨ ᠡᠪᠡᠳᠴᠢᠨ ᠤ ᠠᠶᠤᠯ ᠠᠴᠠ ᠬᠡᠯᠲᠤᠷᠢᠨ᠎ᠡ
ᠨᠡᠶᠢᠲᠡᠯᠡᠭᠰᠡᠨ ᠴᠠᠭ᠄
2018-04-10
ᠤᠢᠢᠷ᠎ᠠ ᠳᠤ ᠠᠮᠧᠷᠢᠺᠠ ᠶᠢᠨ ︽ᠤᠷᠴᠢᠯ︾ ᠰᠡᠳᠭᠦᠯ ᠪᠠ ︽ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ ᠭᠠᠷᠠᠭ ᠤᠨ ᠰᠡᠳᠭᠦᠯ︾ ᠳᠡᠭᠡᠷ᠎ᠡ ᠨᠡᠶᠢᠳᠡᠯᠡᠭᠰᠡᠨ ᠬᠤᠶᠠᠷ ᠰᠤᠳᠤᠯᠭᠠᠨ ᠤ ᠪᠦᠲᠦᠭᠡᠯ ᠳᠤ᠂ ᠦᠷᠭᠦᠯᠵᠢ ᠳᠤᠭᠤᠢ ᠳᠡᠷᠭᠡ ᠤᠨᠤᠳᠠᠭ ᠬᠦᠮᠦᠨ ᠤ ᠵᠢᠷᠦᠭᠡᠨ ᠰᠤᠳᠠᠯ ᠤᠨ ᠡᠪᠡᠳᠴᠢᠨ ᠤᠯᠬᠤ ᠠᠶᠤᠯ ᠳᠤᠤᠷ᠎ᠠ ᠪᠠᠶᠢᠳᠠᠭ ᠭᠡᠵᠦ ᠵᠢᠭᠠᠭᠰᠠᠨ ᠪᠠᠶᠢᠨ᠎ᠠ᠃ ︽ᠤᠷᠴᠢᠯ︾ ᠰᠡᠳᠭᠦᠯ ᠳᠤ ᠨᠡᠶᠢᠳᠡᠯᠡᠭᠰᠡᠨ ᠵᠤᠬᠢᠶᠠᠯ ᠳᠤ᠂ ᠰᠤᠳᠤᠯᠭᠠᠳᠠᠳ ᠳ᠋ᠠᠨᠮᠠᠷᠺ ᠤᠨ 4.5 ᠳᠦᠮᠡᠨ ᠨᠠᠰᠤᠨ ᠳᠤ ᠬᠦᠷᠦᠭᠰᠡᠳ ᠲᠤ ᠪᠠᠶᠢᠴᠠᠭᠠᠯᠳᠠ ᠬᠢᠵᠦ᠂ 20 ᠵᠢᠯ ᠤᠨ ᠮᠦᠷᠳᠡᠨ ᠪᠠᠶᠢᠴᠠᠭᠠᠯᠳᠠ ᠳᠤᠮᠳᠠ᠂ ᠦᠷᠭᠦᠯᠵᠢ ᠳᠤᠭᠤᠢ ᠤᠨᠤᠳᠠᠭ ᠬᠦᠮᠦᠨ ᠤ ᠵᠢᠷᠦᠭᠡᠨ ᠡᠪᠡᠳᠴᠢᠨ ᠳᠤ ᠨᠡᠷᠪᠡᠭᠳᠡᠬᠦ ᠨᠤᠷᠮ᠎ᠠ 11% ~18% ᠢᠶᠠᠷ ᠪᠠᠭᠤᠷᠠᠵᠤ︔ ᠭᠠᠷᠠᠭ ᠪᠦᠷᠢ ᠵᠦᠪᠬᠡᠨ ᠬᠠᠭᠠᠰ ᠴᠠᠭ ᠳᠤᠭᠤᠢ ᠳᠡᠷᠭᠡ ᠤᠨᠤᠪᠠᠯ ᠳᠢᠳᠢᠮ ᠬᠡᠯᠪᠡᠷᠢᠳᠦ ᠯᠤᠬᠰᠢᠭᠤᠨ ᠰᠤᠳᠠᠯ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠦᠨ᠎ᠠ︔ ᠳᠦᠷᠦᠭᠦᠦ 5 ᠵᠢᠯ ᠤᠨ ᠮᠦᠷᠳᠡᠨ ᠪᠠᠶᠢᠴᠠᠭᠠᠬᠤ ᠬᠤᠭᠤᠴᠠᠭᠠᠨ ᠳᠤ ᠦᠷᠭᠦᠯᠵᠢ ᠳᠤᠭᠤᠢ ᠳᠡᠷᠭᠡ ᠤᠨᠤᠵᠤ ᠪᠠᠶᠢᠬᠰᠠᠨ ᠬᠦᠮᠦᠨ ᠢ᠂ ᠳᠠᠷᠠᠭᠠᠬᠢ 15 ᠵᠢᠯ ᠳᠤ ᠳᠤᠭᠤᠢ ᠳᠡᠷᠭᠡ ᠤᠨᠤᠭᠰᠠᠨ ᠦᠭᠡᠢ ᠬᠦᠮᠦᠨ ᠲᠠᠢ ᠠᠳᠠᠯᠢᠳᠬᠠᠪᠠᠯ᠂ ᠵᠢᠷᠦᠭᠡᠨ ᠡᠪᠡᠳᠴᠢᠨ ᠳᠤ ᠨᠡᠷᠪᠡᠭᠳᠡᠬᠦ ᠠᠶᠤᠯ 25% ᠢᠶᠠᠷ ᠳᠤᠤᠷ᠎ᠠ ᠪᠠᠶᠢᠨ᠎ᠠ ᠭᠡᠰᠡᠨ ᠦᠷ᠎ᠡ ᠳ᠋ᠦᠩ ᠢ ᠤᠯᠤᠭᠰᠠᠨ ᠭᠡᠵᠡᠢ᠃ ︽ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ ᠭᠠᠷᠠᠭ ᠤᠨ ᠰᠡᠳᠭᠦᠯ︾ ᠳᠤ ᠨᠡᠶᠢᠳᠡᠯᠡᠭᠰᠡᠨ ᠰᠤᠳᠤᠯᠭᠠᠨ ᠤ ᠮᠡᠳᠡᠭᠦᠯᠦᠯᠳᠡ ᠳᠤ᠂ ᠰᠤᠳᠤᠯᠭᠠᠳᠠᠳ ᠰᠧᠧᠳᠧᠨ ᠤ 2 ᠲᠦᠮᠡᠨ 40᠂ 50᠂ 60 ᠨᠠᠰᠤ ᠲᠠᠢ ᠬᠦᠮᠦᠨ ᠳᠤ 10 ᠵᠢᠯ ᠤᠨ ᠮᠦᠷᠳᠡᠨ ᠪᠠᠶᠢᠴᠠᠭᠠᠯᠳᠠ ᠬᠢᠵᠦ᠂ ᠡᠳᠡᠭᠡᠷ ᠬᠦᠮᠦᠰ ᠤᠨ ᠠᠵᠢᠯ ᠳᠠᠭᠠᠨ ᠭᠠᠷᠬᠤ ᠠᠵᠢᠯ ᠠᠴᠠ ᠪᠠᠨ ᠪᠠᠭᠤᠬᠤ ᠳᠠᠳᠬᠠᠯ᠂ ᠪᠡᠶ᠎ᠡ ᠶᠢᠨ ᠬᠦᠨᠳᠤ᠂ ᠰᠦᠰᠦᠨ ᠤ ᠭᠤᠨᠠᠨ ᠠᠯᠺᠤᠤᠯ ᠤᠨ ᠳᠦᠪᠰᠢᠨ᠂ ᠴᠢᠰᠦᠨ ᠳᠠᠷᠤᠯᠳᠠ ᠴᠢᠰᠦᠨ ᠰᠢᠬᠢᠷ ᠲᠤ ᠬᠢᠨᠠᠨ ᠬᠡᠮᠵᠢᠯᠳᠡ ᠬᠢᠵᠦ᠂ ᠨᠡᠶᠢᠳᠡ ᠶᠢᠨ ᠵᠠᠮ ᠬᠠᠷᠢᠯᠴᠠᠭᠠᠨ ᠤ ᠪᠠᠭᠠᠵᠢ ᠶᠢ ᠠᠰᠢᠬᠯᠠᠬᠤ ᠪᠤᠶᠤ ᠮᠠᠰᠢᠨ ᠳᠡᠷᠭᠡ ᠵᠢᠯᠤᠭᠤᠳᠴᠤ ᠠᠵᠢᠯ ᠳᠠᠭᠠᠨ ᠶᠠᠪᠤᠳᠠᠭ ᠬᠦᠮᠦᠰ ᠲᠠᠢ ᠠᠳᠠᠯᠢᠳᠬᠠᠪᠠᠯ᠂ ᠳᠤᠭᠤᠢ ᠳᠡᠷᠭᠡ ᠤᠨᠤᠵᠤ ᠠᠵᠢᠯ ᠳᠠᠭᠠᠨ ᠶᠠᠪᠤᠳᠠᠭ ᠬᠦᠮᠦᠰ ᠤᠨ 15% ᠨᠢ ᠳᠡᠶᠢᠮᠦ ᠠᠮᠠᠷᠬᠠᠨ ᠮᠠᠷᠢᠶᠠᠯᠠᠬᠤ ᠦᠭᠡᠢ᠂ 13% ᠨᠢ ᠴᠢᠰᠦᠨ ᠲᠠᠷᠤᠯᠳᠠ ᠦᠨᠳᠦᠷᠵᠢᠭᠦ ᠡᠪᠡᠳᠴᠢᠨ ᠳᠤ ᠠᠮᠠᠷᠬᠠᠨ ᠨᠡᠷᠪᠡᠭᠳᠡᠬᠦ ᠦᠭᠡᠢ᠂ 15% ᠨᠢ ᠰᠦᠰᠦᠨ ᠤ ᠭᠤᠨᠠᠨ ᠠᠯᠺᠤᠤᠯ ᠦᠨᠳᠦᠷᠵᠢᠬᠦ ᠡᠪᠡᠳᠴᠢᠨ ᠠᠴᠠ ᠬᠤᠯᠠ ᠪᠠᠶᠢᠵᠤ᠂ 12% ᠲᠤᠨᠢ ᠰᠢᠬᠢᠷ ᠰᠢᠵᠢᠩ ᠡᠪᠡᠳᠴᠢᠨ ᠤ ᠠᠶᠤᠯ ᠤᠴᠠᠷᠠᠬᠤ ᠪᠤᠯᠤᠮᠵᠢ ᠪᠠᠭ᠎ᠠ ᠪᠠᠶᠢᠭ᠎ᠠ ᠶᠢ ᠮᠡᠳᠡᠭᠰᠡᠨ ᠪᠠᠶᠢᠨ᠎ᠠ᠃ 10 ᠵᠢᠯ ᠳᠤᠳᠤᠮ ᠤᠨ ᠪᠠᠶᠢᠴᠠᠭᠠᠯᠳᠠ ᠰᠤᠳᠤᠯᠭᠠᠨ ᠤ ᠳ᠋ᠦᠩ ᠳᠤ᠂ ᠰᠤᠳᠤᠯᠭᠠᠳᠠᠳ ᠳᠤᠭᠤᠢ ᠤᠨᠤᠬᠤ ᠳᠠᠳᠬᠠᠯ ᠢᠶᠠᠨ ᠪᠠᠷᠢᠮᠳᠠᠯᠠᠭᠰᠠᠳ ᠤᠨ ᠬᠤᠪᠢ ᠳᠤ᠂ ᠮᠠᠷᠢᠶᠠᠯᠠᠬᠤ ᠠᠶᠤᠯ 39% ᠢᠶᠠᠷ᠂ ᠴᠢᠰᠦᠨ ᠳᠠᠷᠤᠯᠳᠠ ᠦᠨᠳᠦᠷ ᠡᠪᠡᠳᠴᠢᠨ ᠤ ᠠᠶᠤᠯ 11% ᠢᠶᠠᠷ᠂ ᠰᠦᠰᠦᠨ ᠤ ᠭᠤᠨᠠᠨ ᠠᠯᠺᠤᠤᠯ ᠦᠨᠳᠦᠷᠵᠢᠭᠦ ᠡᠪᠡᠳᠴᠢᠨ ᠤ ᠠᠶᠤᠯ 20% ᠢᠶᠠᠷ᠂ ᠰᠢᠬᠢᠷ ᠰᠢᠵᠢᠩ ᠡᠪᠡᠳᠴᠢᠨ ᠤ ᠠᠶᠤᠯ 18% ᠢᠶᠠᠷ ᠪᠠᠭᠤᠷᠠᠵᠠᠢ ᠭᠡᠳᠡᠭ ᠢ ᠢᠯᠡᠷᠡᠬᠦᠯᠵᠡᠭᠡᠭᠰᠡᠨ ᠪᠠᠶᠢᠨ᠎ᠠ᠃ ᠪᠡᠶ᠎ᠡ ᠶᠢᠨ ᠪᠤᠯᠪᠠᠰᠤᠷᠠᠯ ᠢ ᠬᠡᠵᠢᠶ᠎ᠠ ᠡᠬᠢᠯᠡᠭᠦᠯᠦᠭᠰᠡᠨ ᠴᠤ ᠤᠷᠦ᠋ᠢᠳᠠᠬᠤ ᠶᠠᠪᠤᠳᠠᠯ ᠦᠭᠡᠢ᠂ ᠮᠠᠰᠢᠨ ᠳᠡᠷᠭᠡ ᠵᠢᠯᠤᠭᠤᠳᠳᠠᠭ ᠪᠤᠶᠤ ᠨᠡᠶᠢᠳᠡ ᠶᠢᠨ ᠮᠠᠰᠢᠨ ᠳᠤ ᠰᠠᠭᠤᠳᠠᠭ ᠬᠦᠮᠦᠰ ᠬᠡᠵᠢᠶ᠎ᠡ ᠨᠢᠭᠡ ᠡᠳᠦᠷ ᠳᠤᠭᠤᠢ ᠳᠡᠷᠭᠡ ᠤᠨᠤᠳᠠᠭ ᠪᠤᠯᠬᠤ ᠳᠤ ᠯᠠ ᠵᠢᠷᠦᠭᠡᠨ ᠰᠤᠳᠠᠯ ᠤᠨ ᠡᠷᠡᠭᠦᠯ ᠮᠡᠨᠳᠦ ᠶᠢᠨ ᠪᠠᠶᠢᠳᠠᠯ ᠴᠢᠨᠢ ᠰᠠᠶᠢᠵᠢᠷᠠᠵᠤ ᠡᠭᠢᠯᠡᠨ᠎ᠠ ᠭᠡᠵᠦ ᠰᠤᠳᠤᠯᠭᠠᠳᠠᠳ ᠦᠵᠡᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1