︽ᠳᠠᠨ ᠤ ᠤᠷᠢᠳᠴᠢᠯᠠᠨ ᠵᠠᠬᠢᠶᠠᠯᠠᠬᠰᠠᠨ XX ᠡᠭᠡᠯᠵᠢ ᠶᠢᠨ ᠨᠢᠰᠬᠡᠯ ᠨᠢᠰᠬᠦ ᠪᠠᠨ ᠪᠤᠯᠢᠪᠠ ᠁ | ᠪᠢᠳᠠ ᠪᠤᠯ ᠡᠳ᠋ ᠠᠬᠤᠢᠢᠯᠠᠬᠤ ᠥᠢᠯᠡᠴᠢᠯᠡᠭᠡᠨ ᠤ ᠲᠥᠪ ᠤᠨ ᠬᠢ ᠁ ᠪᠢᠳᠠ ᠪᠤᠯ ᠳᠤᠳᠤᠭᠠᠳᠤ ᠶᠢ ᠬᠠᠮᠠᠭᠠᠯᠠᠬᠤ | ᠳᠤᠪᠴᠢᠶᠠᠨ ᠤ ᠴᠠᠭᠳᠠᠭ᠎ᠠ᠂ ᠳᠠ ᠬᠠᠷ᠎ᠠ ᠵᠤᠭᠤᠰ ᠢᠶᠠᠨ ᠨᠢᠭᠤᠭᠰᠠᠨ ᠰᠡᠵᠢᠭ ᠲᠠᠢ ᠁︾ ᠵᠡᠷᠭᠡ ᠮᠡᠬᠡᠯᠡᠯ ᠤᠨ | ᠮᠡᠳᠡᠭᠡ ᠵᠠᠩᠬᠢ ᠶᠢ ᠳᠠ ᠤᠯᠵᠤ ᠥᠩᠭᠡᠷᠡᠪᠡᠤ︖ ᠤᠯᠤᠭᠰᠠᠨ ᠤ ᠳᠠᠷᠠᠭ᠎ᠠ ᠮᠢᠨᠤ ᠬᠤᠪᠢ ᠬᠥᠮᠥᠨ ᠤ ᠮᠡᠳᠡᠭᠡ | ᠵᠠᠩᠬᠢ ᠶᠢ ᠶᠠᠭᠠᠬᠢᠵᠤ ᠮᠡᠳᠡᠭᠰᠡᠨ ᠪᠤᠯ︖ ᠭᠡᠵᠤ ᠤᠬᠠᠭᠠᠨ ᠢ ᠨᠢ ᠤᠯᠬᠤ ᠥᠭᠡᠢ ᠭᠠᠶᠢᠬᠠᠰᠢᠷᠠᠬᠤ ᠮᠠᠭᠠᠳ᠃ ᠳᠠ | ᠤᠪᠠᠶᠢᠨ ᠳᠤ ᠥᠭᠡᠢ ᠪᠠᠷ ᠥᠪᠡᠷ ᠤᠨ ᠮᠡᠳᠡᠭᠡ ᠵᠠᠩᠬᠢ ᠪᠠᠨ ᠵᠠᠳᠠᠷᠠᠭᠤᠯᠤᠭᠰᠠᠨ ᠪᠠᠶᠢᠵᠤ ᠮᠡᠳᠡᠨ᠎ᠠ᠃ ᠳᠡᠭᠡᠪᠡᠯ ᠬᠤᠪᠢ | ᠬᠥᠮᠥᠨ ᠤ ᠮᠡᠳᠡᠭᠡ ᠵᠠᠩᠬᠢ ᠪᠠᠨ ᠶᠠᠭᠠᠬᠢᠵᠤ ᠬᠠᠮᠠᠭᠠᠯᠠᠪᠠᠯ ᠵᠤᠬᠢᠬᠤ ᠪᠤᠢ︖ | ᠠᠰᠠᠭᠤᠯᠳᠠ ᠬᠠᠷᠢᠭᠤᠯᠳᠠ ᠶᠢᠨ ᠪᠠᠶᠢᠴᠠᠭᠠᠯᠳᠠ ᠶᠢᠨ ᠰᠡᠳᠤᠪ ᠢ ᠪᠢᠳᠡᠭᠡᠢ ᠳᠤᠷ᠎ᠠ ᠪᠠᠷ ᠳᠠᠭᠯᠠ᠃ ᠤᠳᠤᠬᠠᠨ ᠳᠤ | ᠠᠰᠠᠭᠤᠯᠳᠠ ᠬᠠᠷᠢᠭᠤᠯᠳᠠ ᠶᠢᠨ ᠰᠡᠳᠤᠪ ᠳᠡᠯᠭᠡᠷᠡᠵᠤ᠂ ᠰᠥᠯᠵᠢᠶᠡᠨ ᠳᠡᠭᠡᠷ᠎ᠠ᠂ ᠵᠠᠭᠡᠯᠢ ᠭᠤᠳᠤᠮᠵᠢ ᠪᠤᠶᠤ | ᠰᠤᠷᠭᠠᠭᠤᠯᠢ ᠶᠢᠨ ᠬᠥᠷᠢᠶᠡᠨ ᠳᠤ ᠡᠯ᠎ᠠ ᠵᠥᠢᠯ ᠤᠨ ᠬᠡᠯᠪᠡᠷᠢ ᠪᠠᠷ ᠬᠠᠷᠢᠭᠤᠯᠳᠠ ᠬᠢᠯᠭᠡᠳᠡᠭ᠃ ᠬᠡᠷᠪᠡ ᠡᠶᠢᠮᠤᠷᠬᠦ | ᠠᠰᠠᠭᠤᠯᠳᠠ ᠳᠤ ᠳᠤᠷ᠎ᠠ ᠪᠠᠷ ᠢᠶᠠᠨ ᠬᠠᠷᠢᠭᠤᠯᠳᠠ ᠥᠭᠪᠡᠯ ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ | ᠠᠮᠠᠷᠬᠠᠨ ᠵᠠᠳᠠᠷᠠᠵᠤ ᠮᠡᠳᠡᠨ᠎ᠠ᠃ ᠵᠢᠭᠠᠬᠠᠨ ᠠᠰᠢᠭ ᠲᠤ ᠪᠢᠳᠡᠭᠡᠢ ᠳᠤᠷᠠᠯᠠ᠃ ᠳᠡᠭᠷᠢ ᠠᠴᠠ ᠱᠠᠯᠪᠢᠩ ᠤᠨᠠᠵᠤ | ᠢᠷᠡᠨ᠎ᠠ ᠭᠡᠭᠴᠢ ᠬᠤᠳᠠᠯ ᠬᠡᠷᠡᠭ᠂ ᠡᠯ᠎ᠠ ᠵᠥᠢᠯ ᠤᠨ ᠠᠵᠢᠯᠯᠠᠭ᠎ᠠ ᠳᠤ ᠤᠷᠤᠯᠴᠠᠵᠤ ᠥᠪᠡᠷ ᠤᠨ ᠬᠠᠷᠢᠯᠴᠠᠬᠤ | ᠬᠠᠶ᠋ᠢᠭ ᠢᠶᠠᠨ ᠥᠯᠡᠳᠡᠭᠡᠪᠡᠯ ᠪᠡᠯᠡᠭ ᠬᠥᠷᠭᠡᠳᠡᠭ᠂ ᠡᠨᠡ ᠨᠢ ᠬᠤᠪᠢ ᠬᠥᠮᠥᠨ ᠤ ᠮᠡᠳᠡᠭᠡ ᠵᠠᠩᠬᠢ ᠵᠠᠳᠠᠷᠠᠬᠤ ᠵᠠᠮ | ᠪᠤᠯᠤᠨ᠎ᠠ᠃ ᠲᠥᠷᠭᠡᠨ ᠳᠠᠮᠵᠢᠭᠤᠯᠭ᠎ᠠ ᠶᠢᠨ ᠪᠠᠷᠢᠮᠳᠠ ᠪᠠᠨ ᠪᠢᠳᠡᠭᠡᠢ ᠬᠠᠶᠠ᠃ ᠡᠯᠧᠺᠳ᠋ᠷᠤᠨ ᠬᠤᠳᠠᠯᠳᠤᠭᠠᠨ ᠤ | ᠶᠠᠪᠤᠳᠠᠯ ᠤᠨ ᠬᠥᠭᠵᠢᠯᠳᠡ ᠶᠢ ᠳᠠᠭᠠᠯᠳᠤᠨ᠂ ᠰᠥᠯᠵᠢᠶᠡᠨ ᠳᠡᠭᠡᠷ᠎ᠠ ᠠᠴᠠ ᠬᠤᠳᠠᠯᠳᠤᠨ ᠠᠪᠬᠤ ᠪᠠ ᠲᠥᠷᠭᠡᠨ | ᠳᠠᠮᠵᠢᠭᠤᠯᠭ᠎ᠠ ᠤᠯᠠᠳᠠᠵᠤ᠂ ᠪᠠᠷᠠᠭ᠎ᠠ ᠪᠠᠨ ᠳᠤᠰᠤᠭᠰᠠᠨ ᠤ ᠳᠠᠷᠠᠭ᠎ᠠ ᠪᠠᠷᠢᠮᠳᠠ ᠪᠠᠨ ᠬᠠᠶᠠᠴᠢᠬᠠᠳᠠᠭ ᠶᠠᠪᠤᠳᠠᠯ | ᠵᠥᠩᠳᠡᠭᠡᠨ᠃ ᠡᠨᠡ ᠨᠢ ᠴᠤ ᠮᠠᠰᠢ ᠠᠮᠠᠷᠬᠠᠨ ᠢᠶᠠᠷ ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ ᠶᠢ | ᠵᠠᠳᠠᠷᠠᠭᠤᠯᠳᠠᠭ᠃ ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠢᠶᠠᠨ ᠵᠤᠬᠢᠰᠳᠡᠢ ᠰᠢᠢᠳᠪᠤᠷᠢᠯᠡ᠃ ᠤᠳᠤᠬᠠᠨ ᠳᠤ | ᠭᠠᠯᠳᠤ ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠪᠥᠷ ᠥᠨᠡᠨ ᠨᠡᠷ᠎ᠠ ᠶᠢᠨ ᠲᠥᠷᠢᠮ ᠢ ᠬᠡᠷᠡᠭᠵᠢᠭᠦᠯᠵᠤ᠂ | ᠪᠢᠯᠧᠲ ᠳᠡᠭᠡᠷ᠎ᠠ ᠬᠤᠪᠢ ᠬᠥᠮᠥᠨ ᠤ ᠤᠪᠤᠭ ᠪᠠ ᠪᠡᠶ᠎ᠠ ᠶᠢᠨ ᠥᠨᠡᠮᠯᠡᠯ ᠢ ᠳᠤᠳᠤᠷᠬᠠᠢ ᠪᠢᠴᠢᠵᠤ ᠪᠠᠶᠢᠭ᠎ᠠ ᠪᠤᠯᠬᠤᠷ | ᠵᠤᠬᠢᠰᠳᠡᠢ ᠰᠢᠢᠳᠪᠤᠷᠢᠯᠡᠬᠦ ᠥᠭᠡᠢ ᠪᠤᠯ ᠬᠤᠪᠢ ᠬᠥᠮᠥᠨ ᠤ ᠮᠡᠳᠡᠭᠡ ᠵᠠᠩᠬᠢ ᠠᠮᠠᠷᠬᠠᠨ ᠵᠠᠳᠠᠷᠠᠳᠠᠭ᠃ ᠬᠠᠷᠢᠯᠴᠠᠬᠤ | ᠤᠳᠠᠰᠤ ᠪᠠᠨ ᠥᠯᠥ ᠳᠠᠨᠢᠬᠤ ᠬᠥᠮᠥᠨ ᠳᠤ ᠪᠢᠳᠡᠭᠡᠢ ᠥᠭ᠃ ᠡᠳᠤᠷ ᠳᠤᠳᠤᠮ ᠤᠨ ᠠᠮᠢᠳᠤᠷᠠᠯ ᠳᠤᠮᠳᠠ ᠡᠯᠳᠡᠪ | ᠵᠥᠢᠯ ᠤᠨ ᠬᠥᠮᠥᠰ ᠤᠳᠠᠰᠤ ᠢᠷᠡᠭᠦᠯᠵᠤ ᠪᠠᠷᠠᠭ᠎ᠠ ᠳᠠᠸᠠᠷ ᠬᠤᠳᠠᠯᠳᠤᠬᠤ ᠳᠠᠨᠢᠯᠴᠠᠭᠤᠯᠭ᠎ᠠ ᠬᠢᠳᠡᠭ᠂ ᠥᠯᠥ ᠳᠠᠨᠢᠬᠤ | ᠤᠳᠠᠰᠤ ᠶᠢ ᠳᠤᠰᠪᠠᠯ ᠬᠤᠪᠢ ᠬᠥᠮᠥᠨ ᠤ ᠮᠡᠳᠡᠭᠡ ᠵᠠᠩᠬᠢ ᠴᠢᠨᠢ ᠵᠠᠳᠠᠷᠠᠵᠤ ᠮᠡᠳᠡᠨ᠎ᠠ᠃ ᠬᠡᠪᠯᠡᠨ ᠳᠠᠷᠤᠮᠠᠯᠯᠠᠭᠰᠠᠨ ᠤ | ᠳᠠᠷᠠᠭ᠎ᠠ ᠬᠤᠯᠪᠤᠭᠳᠠᠯ ᠪᠥᠬᠦᠢ ᠮᠡᠳᠡᠭᠡ ᠵᠠᠩᠬᠢ ᠪᠠᠨ ᠪᠠᠯᠠᠯᠵᠤ ᠬᠠᠶᠠ᠃ ᠤᠯᠠᠩᠬᠢ ᠬᠥᠮᠥᠨ ᠥᠪᠡᠷ ᠤᠨ U ᠳᠠᠪᠠᠭ | ᠳᠤᠳᠤᠷᠠᠬᠢ ᠪᠢᠴᠢᠭ ᠮᠠᠲ᠋ᠧᠷᠢᠶᠠᠯ ᠢᠶᠠᠨ ᠺᠤᠮᠫᠢᠦ᠋ᠲ᠋ᠧᠷ ᠲᠤ ᠤᠷᠤᠭᠤᠯᠵᠤ ᠬᠡᠪᠯᠡᠨ ᠳᠠᠷᠤᠮᠠᠯᠯᠠᠳᠠᠭ᠂ ᠬᠡᠪᠡᠴᠤ ᠬᠡᠪᠯᠡᠨ | ᠳᠠᠷᠤᠮᠠᠯᠯᠠᠭᠰᠠᠨ ᠤ ᠳᠠᠷᠠᠭ᠎ᠠ ᠪᠠᠯᠠᠯᠵᠤ ᠬᠠᠶᠠᠬᠤ ᠪᠠᠨ ᠮᠠᠷᠳᠠᠴᠢᠬᠠᠳᠠᠭ᠃ ᠬᠡᠷᠪᠡ ᠡᠭᠦᠨ ᠤ ᠳᠤᠳᠤᠷ᠎ᠠ ᠬᠤᠪᠢ | ᠬᠥᠮᠥᠨ ᠤ ᠲᠥᠭᠦᠮ ᠳᠠᠨᠢᠯᠴᠠᠭᠤᠯᠭ᠎ᠠ ᠵᠡᠷᠭᠡ ᠠᠭᠤᠯᠭ᠎ᠠ ᠪᠠᠶᠢᠪᠠᠯ ᠬᠤᠪᠢ ᠬᠥᠮᠥᠨ ᠤ ᠮᠡᠳᠡᠭᠡ ᠵᠠᠩᠬᠢ ᠠᠮᠠᠷᠬᠠᠨ | ᠵᠠᠳᠠᠷᠠᠳᠠᠭ᠃ ᠵᠢᠩᠬᠢᠨᠢ ᠰᠥᠯᠵᠢᠶᠡᠨ ᠥᠷᠳᠡᠭᠡ ᠠᠴᠠ ᠪᠠᠷᠠᠭ᠎ᠠ ᠠᠪ᠃ ᠮᠡᠳᠡᠭᠡ ᠵᠠᠩᠬᠢ ᠬᠠᠶᠢᠬᠤ ᠰᠥᠯᠵᠢᠶ᠎ᠠ ᠪᠠᠷ | ᠺᠢᠨᠣ᠋ ᠥᠵᠡᠬᠦ ᠳᠤ ᠪᠠᠨ ᠡᠷᠬᠡᠪᠰᠢ ᠵᠢᠩᠬᠢᠨᠢ ᠰᠥᠯᠵᠢᠶᠡᠨ ᠥᠷᠳᠡᠭᠡ ᠶᠢ ᠰᠤᠩᠭᠤᠭᠠᠷᠠᠢ᠂ ᠵᠠᠷᠢᠮ ᠳᠤ ᠪᠠᠨ ᠲᠥᠢᠳᠬᠡᠷ ᠢ | ᠠᠯᠠᠬᠤ ᠳᠤᠨᠤᠭ ᠳᠠᠭᠠᠷᠠᠭᠤᠯᠴᠢᠬᠠᠪᠠᠴᠤ ᠺᠤᠮᠫᠢᠦ᠋ᠲ᠋ᠧᠷ ᠴᠢᠨᠢ ᠡᠪᠡᠳᠴᠢᠨ ᠤ ᠬᠤᠤᠷ ᠲᠤ ᠬᠠᠯᠳᠠᠪᠤᠷᠢᠯᠠᠭᠳᠠᠬᠤ ᠥᠭᠡᠢ | ᠭᠡᠰᠡᠨ ᠶᠠᠪᠤᠳᠠᠯ ᠪᠢᠰᠢ᠃ ᠤᠨᠴᠠᠭᠠᠢᠢᠯᠠᠨ ᠰᠥᠯᠵᠢᠶᠡᠨ ᠳᠡᠭᠡᠷ᠎ᠠ ᠠᠴᠠ ᠪᠠᠷᠠᠭ᠎ᠠ ᠬᠤᠳᠠᠯᠳᠤᠨ ᠠᠪᠬᠤ ᠳᠤ ᠰᠥᠯᠵᠢᠶᠡᠨ | ᠳᠡᠭᠡᠷ᠎ᠠ ᠰᠠᠭᠤᠯᠭᠠᠵᠤ ᠥᠭᠬᠦ ᠪᠤᠯᠬᠤᠷ ᠵᠢᠩᠬᠢᠨᠢ ᠰᠥᠯᠵᠢᠶᠡᠨ ᠥᠷᠳᠡᠭᠡ ᠶᠢ ᠰᠤᠩᠭᠤᠪᠠᠯ ᠰᠠᠶ᠋ᠢ ᠪᠠᠳᠤᠯᠠᠭ᠎ᠠ ᠲᠠᠢ᠃ | ᠥᠯᠥ ᠳᠠᠨᠢᠬᠤ ᠰᠢᠤᠳᠠᠨ ᠤ ᠵᠥᠢᠯ ᠢ ᠪᠢᠳᠡᠭᠡᠢ ᠨᠡᠭᠡᠭᠡ᠃ ᠥᠯᠥ ᠳᠠᠨᠢᠬᠤ ᠰᠢᠤᠳᠠᠨ ᠤ ᠵᠥᠢᠯ ᠪᠤᠶᠤ ᠰᠢᠤᠳᠠᠨ ᠤ | ᠬᠠᠶ᠋ᠢᠭ ᠢ ᠳᠤᠷ᠎ᠠ ᠪᠠᠷ ᠢᠶᠠᠨ ᠳᠤᠰᠬᠤ ᠪᠤᠶᠤ ᠨᠡᠭᠡᠭᠡᠵᠤ ᠪᠤᠯᠬᠤ ᠥᠭᠡᠢ᠂ ᠮᠡᠬᠡᠯᠡᠭᠳᠡᠵᠤ ᠮᠡᠳᠡᠨ᠎ᠠ᠂ ᠤᠨᠴᠠᠭᠠᠢᠢᠯᠠᠨ | ᠱᠠᠩᠨᠠᠯ ᠤᠯᠤᠭᠰᠠᠨ ᠪᠤᠶᠤ ᠱᠠᠩᠨᠠᠯ ᠤᠨ ᠵᠥᠢᠯ ᠢᠶᠠᠨ ᠳᠠᠨᠢᠵᠤ ᠠᠪᠤᠭᠠᠷᠠᠢ ᠭᠡᠬᠦ ᠵᠡᠷᠭᠡ ᠨᠢ ᠪᠥᠷ ᠮᠡᠬᠡᠯᠡᠯ ᠤᠨ ᠪᠠᠰᠢᠷ | ᠪᠤᠯᠤᠨ᠎ᠠ᠃ ᠰᠥᠯᠵᠢᠶᠡᠨ ᠳᠡᠭᠡᠷᠡᠬᠢ ᠬᠤᠪᠢ ᠬᠥᠮᠥᠨ ᠤ ᠮᠡᠳᠡᠭᠡ ᠵᠠᠩᠬᠢ ᠪᠠᠨ ᠬᠠᠮᠠᠭᠠᠯᠠ᠃ ᠭᠠᠷ ᠤᠳᠠᠰᠤ ᠪᠤᠶᠤ | ᠺᠤᠮᠫᠢᠦ᠋ᠲ᠋ᠧᠷ ᠵᠡᠷᠭᠡ ᠳᠤ ᠪᠠᠨ ᠠᠮᠤᠷ ᠲᠥᠪᠰᠢᠨ ᠤ ᠵᠥᠭᠡᠯᠡᠨ ᠳᠤᠨᠤᠭ ᠳᠠᠭᠠᠷᠠᠭᠤᠯ᠂ ᠢᠷᠡᠯᠳᠡ ᠨᠢ ᠳᠤᠳᠤᠷᠬᠠᠢ | ᠥᠭᠡᠢ ᠵᠥᠭᠡᠯᠡᠨ ᠳᠤᠨᠤᠭ ᠢ ᠪᠢᠳᠡᠭᠡᠢ ᠳᠤᠷ᠎ᠠ ᠪᠠᠷ ᠢᠶᠠᠨ ᠤᠭᠰᠠᠷᠠᠭᠤᠯ᠂ ᠥᠨᠳᠤᠷ ᠨᠢᠭᠳᠠᠴᠠ ᠲᠠᠢ ᠨᠢᠭᠤᠴᠠ ᠶᠢ | ᠬᠠᠮᠠᠭᠠᠯᠠᠬᠤ ᠨᠢᠭᠤᠴᠠ ᠨᠤᠮᠧᠷ ᠳᠠᠭᠠᠷᠠᠭᠤᠯ᠂ ᠨᠢᠭᠡᠯᠡ ᠨᠢᠭᠤᠴᠠ ᠨᠤᠮᠧᠷ ᠢ ᠥᠷᠭᠦᠯᠵᠢ ᠬᠡᠷᠡᠭᠯᠡᠬᠦ ᠶᠢ ᠴᠡᠭᠡᠷᠯᠡ᠃ | | |