ᠬᠠᠰᠠᠷ ᠤᠨ ᠦᠵᠡᠯ ᠰᠠᠨᠠᠭ᠎ᠠ
ᠨᠡᠶᠢᠲᠡᠯᠡᠭᠰᠡᠨ ᠴᠠᠭ᠄
2018-04-11
ᠬᠠᠰᠠᠷ ᠤᠨ ᠦᠵᠡᠯ ᠰᠠᠨᠠᠭ᠎ᠠ      ᠡᠵᠡᠨ ᠲᠦᠷᠦ ᠶᠢᠨ ᠠᠰᠢᠭ ᠲᠤᠰᠠ ᠶᠢ ᠲᠡᠷᠢᠭᠦᠨ ᠪᠠᠶᠢᠷᠢᠨ ᠳᠤ ᠲᠠᠯᠪᠢᠵᠤ᠂ ᠲᠦᠭᠰᠢᠭᠦᠷᠢᠳᠦ ᠮᠦᠴᠡ ᠳᠤ ᠠᠮᠢ ᠪᠡᠶ᠎ᠡ ᠪᠠᠨ ᠴᠦᠯᠡᠳᠡᠭ᠂ ᠪᠠᠭ᠎ᠠ ᠶᠢ ᠲᠡᠪᠴᠢᠵᠦ᠂ ᠶᠡᠭᠡ ᠶᠢ ᠬᠠᠷᠠᠭᠠᠯᠵᠡᠨ᠂ ᠡᠶ᠎ᠡ ᠪᠦᠯᠬᠦᠮᠳᠡᠯ ᠢ ᠡᠷᠬᠢᠮᠯᠡᠳᠡᠭ᠃ ᠪᠤᠳᠠᠳᠠᠢ ᠳᠤ ᠬᠠᠨᠳᠤᠨ᠂ ᠲᠡᠭᠷᠢ ᠶᠢᠨ ᠵᠠᠶᠠᠭ᠎ᠠ ᠭᠡᠬᠦ ᠦᠵᠡᠯᠳᠡ ᠶᠢ ᠰᠡᠵᠢᠭᠯᠡᠨ᠂ ᠬᠦᠮᠦᠨ ᠤ ᠬᠦᠴᠦ ᠤᠬᠠᠭᠠᠨ ᠢ ᠢᠳᠡᠭᠡᠭᠦ ᠦᠵᠡᠯ ᠰᠠᠨᠠᠭ᠎ᠠ ᠪᠣᠯ ᠬᠠᠰᠠᠷ ᠤᠨ ᠭᠤᠣᠯ ᠦᠵᠡᠯ ᠰᠠᠨᠠᠭ᠎ᠠ ᠪᠣᠯᠤᠨ᠎ᠠ᠃ ᠴᠢᠩᠭᠢᠰ ᠪᠣᠯ ᠡᠷᠳᠡᠨ ᠤ ᠪᠦᠬᠡ ᠶᠢᠨ ᠱᠠᠰᠢᠨ ᠢ ᠰᠢᠳᠦᠳᠡᠭ᠃ ᠨᠡᠩ ᠢᠯᠡᠩᠭᠤᠶ᠎ᠠ ᠮᠡᠩᠭᠡᠯᠢᠭ ᠡᠴᠢᠭᠡ ᠶᠢᠨ ᠬᠦᠦ ᠬᠦᠭᠡᠴᠦ ᠪᠦᠬᠡ ᠲᠡᠭᠷᠢ ᠶᠢ ᠲᠦᠯᠦᠭᠡᠯᠡᠵᠦ ᠦᠭᠡ ᠶᠠᠷᠢᠳᠠᠭ᠂ ᠶᠠᠭᠤ ᠶᠠᠷᠢᠯ᠎ᠠ ᠴᠤ ᠲᠡᠭᠦᠨ ᠤ ᠵᠢᠭᠠᠪᠤᠷᠢ ᠪᠠᠷ ᠪᠣᠯᠳᠠᠭ᠃ ᠴᠢᠩᠭᠢᠰ ᠪᠣᠯ ᠡᠭᠦᠨ ᠢ ᠢᠳᠡᠭᠡᠨ᠎ᠡ᠃ ᠬᠡᠪᠡᠴᠦ ᠬᠠᠰᠠᠷ ᠪᠣᠯ ᠢᠩᠭᠢᠵᠦ ᠦᠵᠡᠳᠡᠭ ᠦᠭᠡᠢ᠃ ᠬᠦᠭᠡᠴᠦ ᠪᠦᠬᠡ ᠲᠡᠭᠷᠢ ᠪᠤᠷᠬᠠᠨ ᠢ ᠠᠰᠢᠭᠯᠠᠨ ᠴᠤᠤᠷᠬᠠᠯ ᠲᠠᠷᠬᠠᠭᠠᠭᠠᠳ ᠠᠷᠪᠢᠨ ᠮᠠᠭᠤ ᠶᠠᠪᠤᠳᠠᠯ ᠬᠢᠭᠰᠡᠨ ᠪᠤᠯᠬᠤᠷ ᠬᠠᠰᠠᠷ ᠪᠣᠯ ᠬᠦᠮᠦᠨ ᠭᠡᠳᠡᠭ ᠶᠠᠭᠤᠮ᠎ᠠ ᠴᠢᠨᠢ ᠬᠦᠴᠦ ᠴᠢᠳᠠᠯ᠂ ᠲᠡᠭᠷᠢ ᠭᠡᠳᠡᠭ ᠶᠠᠭᠤᠮ᠎ᠠ ᠴᠢᠨᠢ ᠴᠠᠯᠴᠢᠶ᠎ᠠ᠂ ᠬᠦᠮᠦᠨ ᠢ ᠮᠡᠬᠡᠯᠡᠭᠰᠡᠨ ᠶᠠᠭᠤᠮ᠎ᠠ ᠬᠡᠵᠦ ᠦᠵᠡᠳᠡᠭ᠃ ᠲᠡᠶᠢᠮᠦ ᠳᠡᠭᠡᠨ ᠶᠧᠯᠢᠤᠢ ᠴᠦᠽᠠᠢ ᠮᠡᠳᠦ ᠶᠢᠨ ᠬᠦᠮᠦᠰ ᠤᠳ ᠲᠠᠢ ᠮᠡᠷᠭᠤᠯᠳᠤᠵᠦ ᠦᠩᠭᠡᠷᠡᠭᠰᠡᠨ ᠪᠠᠶᠢᠨ᠎ᠠ᠃ ᠬᠦᠮᠦᠨ ᠤ ᠪᠠᠶᠢᠷᠢ ᠶᠢ ᠲᠡᠷᠢᠭᠦᠨ ᠳᠤ ᠲᠠᠯᠪᠢᠳᠠᠭ᠃ ᠬᠦᠮᠦᠨ ᠪᠣᠯ ᠦᠪᠡᠷ ᠢᠶᠠᠨ ᠴᠢᠳᠠᠯ ᠲᠠᠢ᠂ ᠤᠬᠠᠭᠠᠨ ᠲᠠᠢ᠂ ᠦᠪᠡᠷ ᠢᠶᠠᠨ ᠡᠵᠡᠨ ᠪᠣᠯᠵᠤ ᠴᠢᠳᠠᠨ᠎ᠠ ᠬᠡᠵᠦ ᠦᠵᠡᠳᠡᠭ᠃ ᠡᠭᠦᠨ ᠳᠡᠭᠡᠷ᠎ᠡ ᠴᠢᠩᠭᠢᠰ ᠬᠠᠭᠠᠨ ᠤ ᠲᠡᠭᠷᠢ ᠶᠢᠨ ᠦᠵᠡᠯᠳᠡ ᠲᠠᠢ ᠵᠦᠷᠢᠶᠡᠨ ᠲᠠᠢ᠂ ᠲᠡᠶᠢᠮᠦ ᠳᠡᠭᠡᠨ ᠴᠢᠩᠭᠢᠰ ᠬᠠᠭᠠᠨ ᠳᠤ ᠶᠡᠭᠡ ᠵᠢᠮᠡᠯᠡᠭᠳᠡᠵᠦ ᠪᠠᠶᠢᠪᠠ᠃ ᠬᠡᠪᠡᠴᠦ ᠬᠠᠮᠤᠭ ᠤᠨ ᠰᠡᠭᠦᠯ ᠳᠡᠭᠡᠨ ᠴᠢᠩᠭᠢᠰ ᠬᠠᠭᠠᠨ ᠲᠡᠭᠦᠦ ᠶᠢᠨ ᠢᠶᠠᠨ ᠦᠵᠡᠯ ᠰᠠᠨᠠᠭ᠎ᠠ ᠶᠢ ᠬᠦᠯᠢᠶᠡᠵᠦ ᠠᠪᠤᠭᠠᠳ᠂ ᠰᠡᠭᠦᠯ ᠳᠤᠨᠢ ᠬᠦᠬᠡᠴᠦ ᠪᠦᠬᠡ ᠶᠢ ᠠᠯᠠᠭᠰᠠᠨ ᠪᠠᠶᠢᠨ᠎ᠠ᠃ ᠡᠶᠢᠮᠦ ᠠᠴᠠ ᠪᠠᠨ ᠪᠣᠷᠦ ᠪᠦᠳᠦᠭᠦᠯᠢᠭ ᠪᠣᠳᠠᠰᠴᠢ ᠬᠤᠪᠢᠰᠣᠩᠭᠤᠢ ᠦᠵᠡᠯ ᠰᠠᠨᠠᠭ᠎ᠠ ᠪᠣᠯ ᠮᠤᠩᠭᠤᠯ ᠤᠨ ᠳᠡᠭᠡᠷ᠎ᠡ ᠦᠶ᠎ᠡ ᠶᠢᠨ ᠢᠵᠠᠭᠤᠷᠳᠠᠨ ᠬᠠᠪᠤᠳᠤ ᠬᠠᠰᠠᠷ ᠠᠴᠠ ᠡᠬᠢᠯᠡᠭᠡᠳ ᠰᠣᠶᠣᠭᠠᠯᠠᠵᠣ ᠪᠠᠶᠢᠭᠰᠠᠨ ᠭᠡᠵᠦ ᠦᠵᠡᠨ᠎ᠡ᠃ ᠲᠡᠷᠡ ᠦᠶ᠎ᠡ ᠠᠴᠠ ᠪᠠᠨ ᠮᠤᠩᠭᠤᠯᠴᠤᠳ ᠮᠣᠩᠬᠠᠭ ᠪᠢᠰᠢᠷᠠᠯ ᠢ ᠲᠡᠶᠢᠮᠦ ᠬᠦᠨᠳᠦᠳᠭᠡᠬᠦ ᠦᠭᠡᠢ᠂ ᠤᠴᠢᠷ ᠦᠭᠡᠢ ᠲᠠᠬᠢᠵᠦ ᠰᠢᠳᠦᠬᠦ ᠪᠤᠷᠬᠠᠨ ᠬᠡᠵᠦ ᠪᠠᠶᠢᠳᠠᠭ ᠦᠭᠡᠢ᠂ ᠠᠶᠤᠵᠤ ᠡᠮᠢᠶᠡᠬᠦ ᠴᠢᠳᠭᠦᠷ ᠰᠢᠮᠨᠤ ᠪᠠᠶᠢᠳᠠᠭ ᠦᠭᠡᠢ᠃ ᠲᠡᠶᠢᠮᠦ ᠠᠴᠠ ᠮᠤᠩᠭᠤᠯ ᠬᠦᠮᠦᠨ ᠪᠣᠯ ᠬᠠᠮᠢᠭᠠᠰᠢ ᠪᠠᠨ ᠪᠣᠯ ᠬᠠᠮᠢᠭᠠᠰᠢ ᠪᠠᠨ ᠳᠠᠶᠢᠯᠠᠭᠠᠳ ᠯᠠ ᠶᠠᠪᠤᠨ᠎ᠠ᠂ ᠦᠭᠡᠷ᠎ᠡ ᠦᠨᠳᠦᠰᠦᠳᠡᠨ ᠰᠢᠭ ᠡᠳᠦᠷ ᠰᠤᠳᠤᠷ ᠦᠵᠡᠨ ᠰᠠᠶᠢᠨ ᠮᠠᠭᠤ ᠡᠳᠦᠷ ᠭᠡᠬᠦ ᠶᠤᠮ ᠪᠣᠯ ᠳᠠᠶᠢᠨ ᠬᠢᠬᠦ ᠶᠢᠨ ᠠᠷᠭ᠎ᠠ ᠭᠡᠵᠦ ᠦᠭᠡᠢ᠂ ᠬᠠᠮᠢᠭ᠎ᠠ ᠪᠣᠯ ᠬᠠᠮᠢᠭ᠎ᠠ ᠬᠦᠮᠦᠨ ᠢᠶᠠᠨ ᠦᠬᠦᠪᠡᠯ ᠣᠷᠣᠰᠢᠭᠤᠯᠤᠭᠠᠳ ᠯᠠ ᠶᠠᠪᠤᠳᠠᠭ᠂ ᠶᠠᠪᠤᠳᠠᠭ ᠢᠶᠠᠷ ᠢᠶᠠᠨ ᠶᠠᠪᠤᠭᠠᠳ ᠯᠠ ᠪᠠᠶᠢᠳᠠᠭ᠂ ᠡᠨᠡ ᠦᠵᠡᠯ ᠰᠠᠨᠠᠭ᠎ᠠ ᠶᠢ ᠬᠠᠪᠤᠳᠤ ᠬᠠᠰᠠᠷ ᠤᠨ ᠲᠡᠭᠷᠢ ᠬᠦᠮᠦᠨ ᠤ ᠪᠠᠶᠢᠷᠢ ᠶᠢ ᠵᠣᠬᠢᠰᠳᠡᠢ ᠪᠠᠶᠢᠷᠢᠯᠠᠭᠤᠯᠳᠠᠭ ᠦᠵᠡᠯ ᠰᠠᠨᠠᠭ᠎ᠠ ᠠᠴᠠ ᠢᠷᠡᠯᠳᠡᠢ ᠬᠡᠵᠦ ᠦᠵᠡᠳᠡᠭ᠃ ᠲᠡᠶᠢᠮᠦ ᠠᠴᠠ ᠮᠤᠩᠭᠤᠯ ᠬᠦᠮᠦᠨ ᠪᠣᠯ ᠡᠷᠡᠯᠭᠡᠭ ᠪᠠᠭᠠᠳᠤᠷᠯᠢᠭ ᠪᠠᠶᠢᠳᠠᠭ᠃ ᠬᠠᠰᠠᠷ᠂ ᠲᠡᠭᠷᠢ ᠬᠦᠮᠦᠨ ᠤ ᠪᠠᠶᠢᠷᠢ ᠶᠢ ᠵᠤᠬᠢᠰᠳᠡᠢ ᠪᠠᠷ ᠪᠠᠶᠢᠷᠢᠯᠠᠭᠤᠯᠵᠤ᠂ ᠪᠣᠷᠦ ᠪᠦᠳᠦᠭᠦᠯᠢᠭ ᠪᠣᠳᠠᠰᠴᠢ ᠬᠤᠪᠢᠰᠤᠩᠭᠤᠢ ᠦᠵᠡᠯ ᠰᠠᠨᠠᠭ᠎ᠠ ᠶᠢ ᠲᠡᠷᠡ ᠦᠶ᠎ᠡ ᠠᠴᠠ ᠰᠣᠶᠣᠭᠠᠯᠠᠭᠤᠯᠵᠤ ᠣᠯᠠᠨ ᠲᠦᠮᠡᠨ ᠳᠤ ᠬᠦᠮᠦᠵᠢᠯ ᠦᠭᠭᠦᠭᠰᠡᠨ᠂ ᠡᠨᠡ ᠨᠢᠭᠡ ᠲᠠᠯ᠎ᠠ ᠨᠢ ᠬᠠᠰᠠᠷ ᠤᠨ ᠬᠤᠶᠢᠴᠢ ᠦᠶ᠎ᠡ ᠳᠤ ᠤᠯᠠᠮᠵᠢᠯᠠᠵᠤ ᠪᠠᠳᠠᠷᠠᠭᠤᠯᠵᠤ ᠶᠠᠪᠤᠬᠤ ᠴᠢᠬᠤᠯᠠᠳᠠᠢ ᠡᠶᠢᠮᠦ ᠨᠢᠭᠡ ᠦᠵᠡᠯ ᠰᠠᠨᠠᠭ᠎ᠠ ᠪᠠᠶᠢᠨ᠎ᠠ᠃ ᠠᠷᠪᠢᠨ ᠬᠦᠮᠦᠨ᠂ ᠮᠠᠨ ᠤ ᠮᠤᠩᠭᠤᠯ ᠤᠨ ᠲᠡᠭᠡᠳᠦᠰ ᠪᠣᠯ ᠦᠰᠦᠭ ᠰᠤᠶᠤᠯ ᠦᠭᠡᠢ᠂ ᠪᠠᠯᠠᠷ ᠪᠠᠯᠠᠢ ᠦᠨᠳᠦᠰᠦᠳᠡᠨ ᠭᠡᠳᠡᠭ᠃ ᠪᠢ ᠡᠨᠡ ᠦᠵᠡᠯᠳᠡ ᠶᠢᠨ ᠣᠭᠳᠤ ᠵᠦᠪᠰᠢᠶᠡᠷᠡᠬᠦ ᠦᠭᠡᠢ᠃ ᠲᠡᠷᠡ ᠦᠶ᠎ᠡ ᠳᠤ ᠮᠤᠩᠭᠤᠯ ᠤᠨ ᠬᠠᠵᠠᠭᠤ ᠳᠤ ᠨᠠᠢᠮᠡᠨ ᠠᠶᠢᠮᠠᠭ ᠪᠠᠶᠢᠵᠤ᠂ ᠮᠤᠩᠭᠤᠯ ᠶᠢᠨ ᠬᠡᠷᠡᠶᠢᠳ ᠠᠶᠢᠮᠠᠭ ᠪᠣᠯ ᠲᠡᠷᠡ ᠦᠶ᠎ᠡ ᠳᠤ ᠶᠡᠭᠡ ᠰᠤᠶᠤᠯ ᠲᠠᠢ ᠪᠤᠯᠤᠭᠰᠠᠨ ᠰᠢᠤ᠂ ᠮᠤᠩᠭᠤᠯ ᠤᠨ ᠪᠤᠰᠤᠳ ᠠᠶᠢᠮᠠᠭ ᠤᠳ ᠲᠡᠳᠡᠨ ᠲᠠᠢ ᠡᠬᠢᠯᠡᠭᠡᠳ ᠵᠠᠬ᠎ᠠ ᠬᠢᠵᠠᠭᠠᠷ ᠨᠡᠶᠢᠯᠡᠵᠦ ᠪᠠᠶᠢᠬᠤ ᠦᠶ᠎ᠡ ᠳᠤ ᠪᠦᠷ ᠲᠡᠷᠡ ᠰᠤᠶᠤᠯᠵᠢᠭᠰᠠᠨ ᠤᠯᠤᠰ ᠤᠨ ᠨᠦᠯᠦᠭᠡ ᠶᠢ ᠪᠠᠰᠠ ᠬᠦᠷᠳᠡᠵᠦ ᠪᠠᠶᠢᠭᠰᠠᠨ᠃ ᠨᠡᠩ ᠢᠯᠠᠩᠭᠤᠶ᠎ᠠ ᠨᠠᠢᠮᠠᠨ ᠢ ᠴᠣᠬᠢᠭᠠᠳ᠂ ᠨᠠᠢᠮᠡᠨ ᠳᠠᠶᠠᠨ ᠬᠠᠭᠠᠨ ᠤ ᠲᠠᠮᠠᠭᠠᠨ ᠲᠦᠰᠢᠮᠡᠯ ᠪᠠᠶᠢᠭᠰᠠᠨ ᠲᠠᠳᠠᠳᠤᠩᠭ᠎ᠠ ᠶᠢ ᠬᠠᠰᠠᠷ ᠪᠠᠷᠢᠵᠤ ᠠᠪᠤᠭᠠᠳ᠂ ᠲᠠᠳᠠᠳᠤᠩᠭ᠎ᠠ ᠠᠴᠠ ᠴᠢᠨᠤ ᠡᠨᠡ ᠴᠢᠨᠢ ᠶᠠᠭᠤ ᠪᠤᠢ ᠭᠡᠰᠡᠨ ᠳᠤ ᠲᠠᠳᠠᠳᠤᠩᠭ᠎ᠠ᠄ ︽ᠮᠢᠨᠤ ᠡᠨᠡ ᠪᠣᠯ ᠲᠠᠮᠠᠭ᠎ᠠ᠂ ᠲᠠᠮᠠᠭᠠᠯᠠᠬᠤ ᠦᠢᠯᠡᠳᠣᠯ ᠲᠠᠢ᠂ ᠲᠠᠬᠢᠭᠠᠳ ᠪᠣᠯ ᠶᠠᠮᠠᠷ ᠶᠠᠮᠠᠷ ᠦᠰᠦᠭ ᠬᠡᠵᠦ ᠪᠠᠶᠢᠳᠠᠭ᠂ ᠡᠨᠡ ᠪᠣᠯ ᠣᠶᠢᠭᠤᠷ ᠦᠰᠦᠭ︾ ᠭᠡᠵᠦ ᠲᠠᠶᠢᠯᠪᠤᠷᠢᠯᠠᠵᠤ ᠦᠭᠭᠦᠭᠰᠡᠨ ᠳᠤ᠂ ᠬᠠᠰᠠᠷ ᠪᠣᠯ ᠡᠨᠡ ᠬᠦᠮᠦᠨ ᠡᠶᠢᠮᠦ ᠶᠠᠭᠤᠮ᠎ᠠ ᠠᠪᠴᠤ ᠶᠠᠪᠤᠵᠤ ᠪᠠᠶᠢᠨ᠎ᠠ ᠶᠡᠭᠡ ᠬᠡᠷᠡᠭ ᠲᠠᠢ ᠶᠠᠭᠤᠮ᠎ᠠ ᠪᠠᠶᠢᠨ᠎ᠠ ᠬᠡᠵᠦ ᠲᠠᠳᠠᠳᠤᠩᠭ᠎ᠠ ᠶᠢ ᠠᠬ᠎ᠠ ᠳᠠᠭᠠᠨ᠂ ᠴᠢᠩᠭᠢᠰ ᠬᠠᠭᠠᠨ ᠳᠠᠭᠠᠨ ᠠᠪᠠᠴᠢᠵᠤ ᠲᠤᠰᠢᠶᠠᠭᠰᠠᠨ᠃ ᠰᠢᠬᠢᠬᠤᠳᠤᠭ᠂ ᠬᠠᠰᠠᠷ ᠦᠪᠡᠷ ᠤᠨ ᠬᠡᠷᠡᠭ ᠶᠠᠪᠤᠳᠠᠯ ᠢᠶᠠᠨ ᠦᠰᠦᠭ ᠪᠢᠴᠢᠭ ᠢᠶᠠᠷ ︽ᠬᠦᠬᠡ ᠰᠤᠳᠤᠷ︾᠎ ᠲᠤ ᠲᠡᠮᠳᠡᠭᠯᠡᠵᠦ ᠲᠠᠯᠪᠢᠬᠤ ᠳᠤ ᠦᠰᠦᠭ ᠪᠢᠴᠢᠭ ᠮᠡᠳᠡᠬᠦ ᠦᠭᠡᠢ ᠪᠣᠯ ᠶᠠᠭᠠᠬᠢᠵᠦ ᠲᠡᠮᠳᠡᠭᠯᠡᠨ᠎ᠡ᠂ ᠲᠡᠶᠢᠮᠦ ᠠᠴᠠ ᠪᠠᠨ ᠬᠠᠰᠠᠷ ᠪᠣᠯ ᠲᠡᠷᠡ ᠦᠶ᠎ᠡ ᠳᠤ ᠪᠢᠴᠢᠭ ᠮᠡᠳᠡᠨ᠎ᠡ᠂ ᠰᠤᠶᠤᠯ ᠲᠠᠢ᠃ ᠮᠤᠩᠭᠤᠯ ᠬᠦᠮᠦᠨ ᠪᠣᠯ ᠲᠡᠷᠡ ᠦᠶ᠎ᠡ ᠠᠴᠠ ᠡᠬᠢᠯᠡᠭᠡᠳ ᠦᠰᠦᠭ ᠪᠢᠴᠢᠭ ᠵᠠᠷᠤᠵᠤ ᠪᠠᠶᠢᠭᠰᠠᠨ᠂ ᠬᠡᠷᠡᠭᠯᠡᠵᠦ ᠪᠠᠶᠢᠭᠰᠠᠨ᠂ ᠲᠡᠶᠢᠮᠦ ᠪᠣᠯᠬᠤᠷ 1240 ᠣᠨ ᠤ ᠦᠶ᠎ᠡ ᠳᠤ ︽ᠮᠤᠩᠭᠤᠯ ᠤᠨ ᠨᠢᠭᠤᠴᠠ ᠲᠤᠪᠴᠢᠶᠠᠨ︾ ᠮᠤᠩᠭᠤᠯ ᠬᠡᠯᠡ ᠪᠠᠷ ᠢᠶᠠᠨ ᠪᠢᠴᠢᠭᠳᠡᠵᠦ ᠭᠠᠷᠤᠭᠰᠠᠨ᠃ ᠲᠡᠶᠢᠮᠦ ᠠᠴᠠ ᠮᠠᠨ ᠤ ᠮᠤᠩᠭᠤᠯ ᠬᠦᠮᠦᠨ ᠪᠣᠯ ᠲᠡᠷᠡ ᠦᠶ᠎ᠡ ᠳᠤ ᠦᠰᠦᠭ ᠪᠢᠴᠢᠭ ᠲᠠᠢ ᠪᠣᠯᠤᠭᠰᠠᠨ ᠭᠡᠳᠡᠭ ᠢ ᠬᠠᠷᠠᠭᠤᠯᠵᠤ ᠪᠠᠶᠢᠨ᠎ᠠ᠃ ᠲᠡᠭᠦᠨ ᠠᠴᠠ ᠡᠮᠦᠨ᠎ᠡ 1225 ᠣᠨ ᠳᠤ ᠶᠢᠰᠦᠩᠭᠡ ᠶᠢᠨ ᠬᠠᠷᠪᠤᠯᠭ᠎ᠠ ᠶᠢ ᠮᠠᠭᠳᠠᠵᠤ᠂ ᠴᠢᠩᠭᠢᠰ ᠬᠠᠭᠠᠨ ᠤ ᠴᠢᠯᠠᠭᠤᠨ ᠪᠢᠴᠢᠭ ᠢ ᠪᠢᠴᠢᠭᠰᠡᠨ ᠪᠠᠶᠢᠳᠠᠭ᠃ ᠡᠨᠡ ᠴᠢᠨᠢ ᠪᠠᠰᠠ ᠣᠶᠢᠭᠤᠷᠵᠢᠨ ᠮᠤᠩᠭᠤᠯ ᠦᠰᠦᠭ ᠢᠶᠠᠷ ᠪᠢᠴᠢᠭᠰᠡᠨ᠃ ᠵᠠ᠂ ᠴᠢᠯᠠᠭᠤᠨ ᠪᠢᠴᠢᠭ ᠴᠤ ᠪᠣᠯᠤᠭ᠂ ︽ᠮᠤᠩᠭᠤᠯ ᠤᠨ ᠨᠢᠭᠤᠴᠠ ᠲᠣᠪᠴᠢᠶᠠᠨ︾ ᠴᠤ ᠪᠣᠯᠤᠭ᠂ ︽ᠬᠦᠬᠡ ᠰᠤᠳᠤᠷ︾ ᠴᠤ ᠪᠣᠯᠤᠭ᠂ ᠲᠡᠷᠡ ᠦᠶ᠎ᠡ ᠠᠴᠠ ᠡᠬᠢᠯᠡᠭᠡᠳ ᠮᠤᠩᠭᠤᠯᠴᠤᠳ ᠤᠨ ᠰᠤᠶᠤᠯᠵᠢᠭᠰᠠᠨ ᠵᠠᠮ ᠢ ᠬᠠᠪᠤᠳᠤ ᠬᠠᠰᠠᠷ ᠲᠠᠢ ᠬᠤᠯᠪᠤᠨ ᠦᠨᠡᠯᠡᠵᠦ ᠪᠣᠯᠤᠨ᠎ᠠ᠃ ᠡᠨᠡ ᠪᠣᠯ ᠬᠠᠰᠠᠷ ᠢ ᠰᠢᠳᠦᠵᠦ ᠪᠢᠰᠢᠷᠡᠵᠦ ᠰᠤᠳᠤᠯᠬᠤ ᠴᠢᠬᠤᠯᠠᠳᠠᠢ ᠠᠰᠠᠭᠤᠳᠠᠯ ᠪᠣᠯᠣᠨ᠎ᠠ᠃
 
ᠢᠷᠡᠯᠲᠡ᠄ ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1