ᠬᠠᠰᠠᠷ ᠤᠨ ᠭᠡᠷ ᠪᠦᠯᠢ ᠦᠷ᠎ᠡ ᠬᠤᠶᠢᠴᠢᠰ
ᠨᠡᠶᠢᠲᠡᠯᠡᠭᠰᠡᠨ ᠴᠠᠭ᠄
2018-04-11
ᠬᠠᠰᠠᠷ ᠤᠨ ᠭᠡᠷ ᠪᠦᠯᠢ ᠦᠷ᠎ᠡ ᠬᠤᠶᠢᠴᠢᠰ      ᠬᠠᠰᠠᠷ᠂ ᠲᠠᠶᠢᠨ ᠤ ᠶᠠᠪᠤᠴᠠ ᠳᠠᠬᠢ ᠭᠠᠷᠮᠠᠭᠠᠢ ᠵᠠᠩᠵᠤᠨ᠂ ᠨᠡᠶᠢᠭᠡᠮ ᠤᠨ ᠬᠠᠷᠢᠯᠴᠠᠭᠠᠨ ᠤ ᠲᠤᠮᠳᠠᠬᠢ ᠰᠢᠯᠭᠠᠷᠠᠭᠰᠠᠨ ︽ᠭᠠᠳᠠᠭᠠᠳᠤ︾ ᠬᠠᠷᠢᠯᠴᠠᠭᠠᠳᠠᠨ ᠢᠶᠠᠷ ᠪᠠᠷᠠᠬᠤ ᠦᠭᠡᠢ ᠮᠦᠨ ᠴᠤ ᠭᠡᠷ ᠪᠦᠯᠢ᠂ ᠠᠮᠢᠳᠤᠷᠠᠯ ᠳᠠᠭᠠᠨ ᠬᠠᠷᠢᠭᠤᠴᠠᠯᠭᠠᠳᠠᠢ᠂ ᠦᠷ᠎ᠡ ᠠᠴᠢ ᠨᠠᠷ ᠢᠶᠠᠨ ᠰᠤᠷᠭᠠᠵᠤ ᠬᠦᠮᠦᠵᠢᠬᠦᠯᠬᠦ ᠶᠢ ᠶᠡᠭᠡ ᠠᠩᠬᠠᠷᠳᠠᠭ ᠦᠷᠦᠰᠢᠶᠡᠯ ᠡᠨᠡᠷᠢᠯᠳᠦ ᠡᠴᠢᠭᠡ ᠬᠦᠮᠦᠨ ᠪᠣᠯᠬᠤ ᠶᠤᠮ᠃ ᠬᠠᠰᠠᠷ ᠪᠣᠯ ᠠᠯᠳᠠᠨ ᠬᠠᠳᠤᠨ᠂ ᠬᠦᠬᠡᠴᠢᠨ ᠬᠠᠳᠤᠨ᠂ ᠪᠤᠮᠪᠠᠯᠠᠢ ᠬᠠᠳᠤᠨ ᠵᠡᠷᠭᠡ ᠬᠠᠳᠤᠨ ᠲᠠᠢ᠂ ᠬᠡᠤᠭᠡᠳ ᠪᠣᠯ ᠣᠯᠠᠨ ᠪᠠᠶᠢᠨ᠎ᠠ᠃ ᠦᠯᠢᠭᠡᠷ ᠲᠣᠮᠤᠭ ᠲᠤ ᠪᠣᠯ ᠳᠦᠴᠢ ᠲᠠᠪᠢᠭᠠᠳ ᠬᠡᠣᠭᠡᠳ ᠪᠠᠶᠢᠬᠤ ᠮᠠᠶ᠋ᠢᠭᠳᠠᠢ᠂ ᠭᠡᠪᠡᠴᠦ ᠭᠤᠣᠯ ᠬᠡᠤᠭᠡᠳ ᠨᠢ ᠪᠣᠯ ᠶᠡᠬᠦ᠂ ᠶᠢᠰᠦᠩᠭᠡ᠂ ᠲᠤᠬᠤ ᠭᠤᠷᠪᠠ᠃ ᠡᠨᠡ ᠭᠤᠷᠪᠠᠨ ᠬᠡᠤᠭᠡᠳ ᠨᠢ ᠪᠣᠯ ᠨᠡᠷ᠎ᠡ ᠠᠯᠳᠠᠷᠳᠠᠢ᠃ ᠶᠡᠭᠡ ᠬᠦᠦ ᠨᠢ ᠪᠣᠯ ᠲᠦᠷᠦ ᠵᠠᠰᠠᠵᠤ ᠬᠠᠮᠢᠶᠠᠷᠬᠤ ᠳᠠᠭᠠᠨ ᠰᠠᠶᠢᠨ᠃ ᠬᠠᠰᠠᠷ ᠤᠨ ᠨᠤᠲᠤᠭ᠂ ᠬᠠᠰᠠᠷ ᠤᠨ ᠡᠷᠳᠡᠨᠢᠰ ᠢ ᠶᠡᠭᠡ ᠬᠦᠤ ᠨᠢ ᠵᠠᠯᠭᠠᠮᠵᠢᠯᠠᠵᠤ᠂ ᠨᠡᠩ ᠢᠯᠡᠩᠭᠤᠶ᠎ᠠ ᠦᠭᠡᠳᠡᠢ ᠬᠠᠭᠠᠨ ᠰᠠᠭᠤᠬᠤ ᠳᠤ ᠶᠡᠭᠡ ᠬᠦᠴᠦ ᠡᠷᠭᠦᠭᠰᠡᠨ᠃ ᠡᠶᠢᠮᠦ ᠠᠴᠠ ᠮᠤᠩᠭᠤᠯ ᠤᠨ ᠶᠡᠭᠡ ᠬᠤᠷᠠᠯᠳᠠᠢ ᠳᠤ ᠣᠷᠣᠬᠤ ᠡᠷᠬᠡ ᠲᠠᠢ᠃ ᠬᠤᠶᠠᠳᠣᠭᠠᠷ ᠬᠦᠦ ᠶᠢᠰᠦᠩᠭᠡ ᠨᠢ ᠪᠣᠯ ᠬᠠᠷᠪᠤᠯᠭ᠎ᠠ ᠨᠠᠮᠨᠠᠬᠤ ᠳᠠᠭᠠᠨ ᠪᠡᠷᠬᠡ ᠰᠠᠶᠢᠨ᠃ ᠪᠠᠷᠠᠭᠤᠨᠰᠢ ᠪᠠᠨ ᠳᠠᠶᠢᠨ ᠬᠢᠬᠦ ᠦᠶ᠎ᠡ ᠳᠤ᠂ ᠴᠢᠩᠭᠢᠰ ᠬᠠᠭᠠᠨ ᠠᠮᠠᠷᠠᠯᠳᠠ ᠳᠠᠭᠠᠨ ᠬᠠᠷᠪᠤᠯᠭ᠎ᠠ ᠨᠠᠮᠨᠠᠬᠤ ᠮᠦᠷᠦ᠋ᠢᠴᠡᠯ ᠬᠢᠵᠦ᠂ 330 ᠠᠯᠬᠤᠮ ᠤᠨ ᠠᠯᠤᠰ ᠠᠴᠠ ᠫᠠᠢ ᠶᠢ ᠬᠠᠷᠪᠤᠵᠤ ᠤᠨᠤᠭᠠᠭᠠᠳ ᠴᠢᠩᠭᠢᠰ ᠬᠠᠭᠠᠨ ᠶᠢᠰᠦᠩᠭᠡ ᠶᠢᠨ ᠬᠠᠷᠪᠤᠯᠭ᠎ᠠ ᠶᠢ ᠮᠠᠭᠳᠠᠭᠰᠠᠨ ᠴᠢᠯᠠᠭᠤᠨ ᠪᠢᠴᠢᠭᠡᠰᠦ ᠦᠯᠡᠳᠡᠭᠡᠵᠡᠢ᠃ ᠣᠷᠣᠰ ᠤᠨ ᠯᠧᠨᠢᠩᠭᠷᠡᠳ᠋ ᠬᠤᠲᠠ ᠶᠢᠨ ᠮᠦᠽᠧᠢ ᠳᠤ ᠬᠠᠳᠠᠭᠠᠯᠠᠵᠤ ᠪᠠᠶᠢᠨ᠎ᠠ᠂ ᠲᠡᠶᠢᠮᠦ ᠠᠴᠠ ᠡᠨᠡ ᠪᠣᠯ ᠦᠯᠢᠭᠡᠷ ᠪᠢᠰᠢ᠂ ᠪᠤᠳᠠᠳᠠᠢ ᠪᠠᠶᠢᠬᠤ ᠲᠡᠤᠬᠡ᠃ ᠶᠢᠰᠦᠩᠭᠡ ᠪᠣᠯ ᠴᠢᠩᠭᠢᠰ ᠬᠠᠭᠠᠨ ᠠᠴᠠ ᠬᠤᠪᠢᠯᠠᠢ ᠬᠦᠷᠳᠡᠯ᠎ᠠ ᠬᠡᠳᠦᠨ ᠲᠦᠷᠦ ᠶᠢᠨ ᠬᠠᠭᠠᠳ ᠤᠨ ᠲᠦᠯᠦᠭᠡ ᠦᠨᠡᠨ ᠰᠡᠳᠬᠢᠯ ᠢᠶᠠᠷ ᠢᠶᠠᠨ ᠵᠢᠳᠭᠦᠵᠦ᠂ ᠬᠠᠭᠠᠨ ᠣᠷᠣ ᠶᠢ ᠪᠠᠳᠤᠯᠠᠬᠤ ᠳᠤ ᠪᠠᠳᠤᠯᠠᠭ᠎ᠠ ᠲᠠᠢ ᠠᠵᠢᠯ ᠬᠢᠵᠦ ᠪᠠᠶᠢᠭᠰᠠᠨ᠂ ᠨᠡᠩ ᠢᠯᠠᠩᠭᠤᠶ᠎ᠠ ᠬᠠᠪᠤᠳᠤ ᠬᠠᠰᠠᠷ ᠤᠨ ᠬᠤᠶᠢᠴᠢ ᠦᠶ᠎ᠡ ᠶᠢᠨ ᠬᠢᠨ ᠳᠡᠭᠡᠳᠦ ᠦᠶ᠎ᠡ ᠶᠢᠨ ᠢᠶᠠᠨ ᠬᠦᠮᠦᠵᠢᠯ ᠰᠤᠷᠭᠠᠯ ᠢ ᠠᠯᠳᠠᠯ ᠦᠭᠡᠢ ᠪᠠᠷᠢᠮᠲᠠᠯᠠᠵᠤ ᠰᠢᠳᠦᠵᠦ ᠶᠠᠪᠤᠳᠠᠭ᠃ ᠲᠡᠶᠢᠮᠦ ᠠᠴᠠ ᠪᠠᠨ ᠬᠠᠰᠠᠷ ᠤᠨ ᠬᠤᠶᠢᠴᠢ ᠦᠶ᠎ᠡ ᠨᠢ ᠤᠯᠠᠮ ᠶᠠᠪᠤᠬᠤ ᠲᠤᠲᠤᠮ ᠤᠯᠠᠮ ᠣᠯᠠᠨ ᠪᠤᠯᠵᠤ᠂ ᠨᠡᠩ ᠢᠯᠡᠩᠭᠤᠶ᠎ᠠ ᠬᠤᠷᠴᠢᠨ᠂ ᠮᠤᠤᠮᠢᠩᠭᠠᠨ᠂ ᠠᠷᠤ ᠬᠤᠷᠴᠢᠨ᠂ ᠨᠤᠨ ᠠᠷᠪᠠᠨ ᠬᠤᠰᠢᠭᠤ᠂ ᠭᠤᠷᠯᠣᠰ᠂ ᠤᠷᠠᠳ᠂ ᠲᠦᠷᠪᠡᠳ᠂ ᠬᠤᠱᠤᠳ᠂ ᠬᠠᠰᠠᠷ ᠤᠨ ᠬᠤᠶᠢᠴᠢᠰ ᠪᠠᠶᠢᠬᠤ ᠯᠠ ᠰᠢᠳᠡ᠃ ᠡᠨᠡ ᠤᠯᠤᠰ ᠤᠳ ᠤᠨ ᠳᠤᠲᠤᠷ᠎ᠠ ᠣᠯᠠᠨ ᠠᠷᠪᠢᠨ ᠡᠷᠳᠡᠮ ᠤᠬᠠᠭᠠᠨ ᠲᠠᠢ ᠴᠡᠷᠢᠭ ᠤᠨ ᠡᠷᠳᠡᠮᠳᠡᠨ ᠭᠠᠷᠴᠤ ᠪᠠᠶᠢᠭᠰᠠᠨ᠃ ᠬᠤᠶᠢᠴᠢ ᠶᠢᠨ ᠦᠶ᠎ᠡ ᠳᠡᠭᠡᠨ ᠵᠠᠯᠭᠠᠮᠵᠢᠯᠠᠭᠠᠳ ᠢᠷᠡᠬᠦ ᠦᠶ᠎ᠡ ᠰᠡᠩᠭᠡᠷᠢᠨᠴᠢᠨ ᠬᠡᠵᠦ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠭᠰᠡᠨ ᠪᠠᠭᠠᠳᠤᠷ ᠪᠠᠶᠢᠳᠠᠭ᠂ ᠲᠤᠭᠲᠠᠬᠤ ᠬᠡᠵᠦ ᠭᠠᠵᠠᠷ ᠰᠢᠷᠤᠢ ᠶᠢᠨ ᠲᠦᠯᠦᠭᠡ ᠲᠡᠮᠡᠴᠡᠯ ᠬᠢᠭᠰᠡᠨ ᠦᠨᠳᠦᠰᠦᠳᠡᠨ ᠤ ᠪᠠᠭᠠᠳᠤᠷ ᠴᠤ ᠪᠠᠶᠢᠳᠠᠭ᠃ ᠨᠡᠩ ᠬᠤᠶᠢᠰᠢ ᠪᠠᠨ ᠠᠪᠴᠤ ᠬᠡᠯᠡᠪᠡᠯ᠂ ᠮᠠᠨ ᠤ ᠦᠪᠦᠷ ᠮᠤᠩᠭᠤᠯ ᠤᠨ ᠫᠤᠩᠰᠤᠭ ᠳᠡᠳ᠋ ᠲᠡᠷᠢᠭᠦᠯᠡᠭᠴᠢ᠂ ᠡᠨᠡ ᠴᠢᠨᠢ ᠪᠠᠰᠠ ᠬᠠᠰᠠᠷ ᠤᠨ ᠬᠤᠶᠢᠴᠢ ᠦᠶ᠎ᠡ᠃ ᠲᠡᠶᠢᠮᠦ ᠠᠴᠠ ᠬᠠᠰᠠᠷ ᠤᠨ ᠬᠤᠶᠢᠴᠢ ᠦᠶ᠎ᠡ ᠪᠣᠯ ᠬᠠᠰᠠᠷ ᠲᠠᠭᠠᠨ ᠦᠨᠡᠨᠴᠢ ᠰᠢᠳᠤᠷᠭᠤ᠂ ᠬᠠᠰᠠᠷ ᠤᠨ ᠶᠡᠭᠡ ᠠᠷᠪᠢᠨ ᠵᠠᠩ ᠰᠤᠷᠳᠠᠯ ᠢ ᠤᠯᠠᠮᠵᠢᠯᠠᠵᠤ ᠶᠠᠪᠤᠭᠰᠠᠭᠠᠷ ᠪᠠᠶᠢᠭᠠᠳ ᠶᠡᠭᠡ ᠡᠷᠳᠡᠮ ᠮᠡᠷᠭᠡᠵᠢᠯ ᠲᠠᠢ ᠡᠷᠳᠡᠮᠳᠡᠨ ᠴᠢᠳᠠᠪᠤᠷᠢᠳᠠᠨ ᠪᠣᠯ ᠶᠡᠷᠦ ᠳᠡᠭᠡᠨ ᠲᠠᠰᠤᠷᠠᠳᠠᠭ ᠦᠭᠡᠢ᠂ ᠲᠡᠶᠢᠮᠦ ᠠᠴᠠ ᠪᠢᠳᠡ ᠬᠠᠪᠤᠳᠤ ᠬᠠᠰᠠᠷ ᠢ ᠪᠤᠷᠬᠠᠨ ᠬᠡᠵᠦ ᠬᠡᠶᠢᠰᠪᠦᠷᠢ ᠰᠢᠳᠦᠵᠦ ᠪᠠᠶᠢᠬᠤ ᠪᠢᠰᠢ᠂ ᠬᠠᠪᠤᠳᠤ ᠬᠠᠰᠠᠷ ᠤᠨ ᠦᠵᠡᠯ ᠰᠠᠨᠠᠭ᠎ᠠ ᠦᠪᠡᠷ ᠤᠨ ᠬᠢᠨᠢ ᠠᠷᠢᠭᠤᠨ ᠰᠦᠨᠡᠰᠦ ᠶᠢ ᠰᠢᠳᠦᠵᠦ᠂ ᠬᠠᠰᠠᠷ ᠤᠨ ᠳᠦᠷᠢ ᠪᠠᠷ ᠰᠢᠳᠦᠭᠡᠨ ᠪᠣᠯᠭᠠᠵᠤ᠂ ᠲᠡᠭᠦᠨ ᠤ ᠦᠵᠡᠯ ᠰᠠᠨᠠᠭ᠎ᠠ ᠶᠢ ᠦᠶ᠎ᠡ ᠶᠢᠨ ᠦᠶ᠎ᠡ ᠳᠡᠭᠡᠨ ᠤᠯᠠᠮᠵᠢᠯᠠᠵᠤ ᠶᠠᠪᠤᠨ᠎ᠠ ᠬᠡᠵᠦ ᠢᠩᠭᠢᠵᠦ ᠰᠤᠳᠤᠯᠵᠤ᠂ ᠰᠢᠳᠦᠵᠦ ᠪᠠᠶᠢᠨ᠎ᠠ᠃ ᠣᠳᠤ ᠡᠨᠡ ᠲᠠᠷᠬᠠᠨ ᠮᠤᠤᠮᠢᠩᠭᠠᠨ ᠬᠤᠰᠢᠭᠤᠨ ᠳᠤ ᠪᠠᠶᠢᠬᠤ ᠬᠠᠰᠠᠷ ᠤᠨ ᠲᠠᠬᠢᠯᠭ᠎ᠠ ᠶᠢᠨ ᠣᠷᠳᠤᠨ ᠪᠣᠯ ᠬᠠᠰᠠᠷ ᠤᠨ ᠬᠤᠶᠢᠴᠢ ᠶᠢᠨ ᠬᠢᠨ ᠲᠠᠬᠢᠯᠭ᠎ᠠ ᠶᠢᠨ ᠲᠦᠪ ᠪᠤᠯᠵᠡᠢ᠃ ᠡᠶᠢᠨ ᠬᠦ ᠮᠤᠩᠭᠤᠯᠴᠤᠳ ᠬᠠᠪᠤᠳᠤ ᠬᠠᠰᠠᠷ ᠢ ᠲᠠᠬᠢᠨ ᠰᠢᠳᠦᠵᠦ ᠲᠡᠭᠦᠨ ᠤ ᠮᠤᠩᠭᠤᠯ ᠤᠨ ᠲᠡᠤᠭᠡᠨ ᠳᠤ ᠪᠠᠶᠢᠭᠤᠯᠤᠭᠰᠠᠨ ᠠᠤᠭ᠎ᠠ ᠶᠡᠭᠡ ᠭᠠᠪᠢᠶ᠎ᠠ ᠵᠢᠳᠭᠦᠯ ᠢ ᠳᠤᠷᠠᠰᠤᠨ ᠰᠠᠨᠠᠭᠠᠯᠵᠠᠵᠤ᠂ ᠠᠰᠢᠳᠠ ᠲᠡᠭᠵᠢᠷᠡᠬᠦ ᠶᠢᠨ ᠬᠤᠪᠢ ᠵᠠᠶᠠᠭ᠎ᠠ ᠪᠠ ᠠᠮᠤᠭᠤᠯᠠᠩ ᠲᠠᠶᠢᠪᠤᠩ ᠠᠵᠤ ᠲᠦᠷᠦᠬᠦ ᠶᠢᠨ ᠪᠡᠯᠭᠡᠳᠡᠯ ᠪᠤᠯᠭᠠᠳᠠᠭ ᠪᠠᠶᠢᠨ᠎ᠠ᠃
 
ᠢᠷᠡᠯᠲᠡ᠄ ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1