ᠬᠠᠰᠠᠷ ᠤᠨ ᠬᠤᠶᠢᠴᠢᠰ ᠮᠤᠤᠮᠢᠩᠭᠠᠨᠴᠤᠳ
ᠨᠡᠶᠢᠲᠡᠯᠡᠭᠰᠡᠨ ᠴᠠᠭ᠄
2018-04-11
ᠬᠠᠰᠠᠷ ᠤᠨ ᠬᠤᠶᠢᠴᠢᠰ ᠮᠤᠤᠮᠢᠩᠭᠠᠨᠴᠤᠳ       ᠬᠠᠰᠠᠷ ᠤᠨ ᠶᠡᠭᠡ ᠬᠦᠦ ᠬᠠᠰᠠᠷ ᠤᠨ ᠣᠷᠳᠣᠨ ᠨᠤᠲᠤᠭ ᠢ ᠬᠠᠮᠠᠭᠠᠯᠠᠵᠤ ᠬᠦᠯᠦᠨ ᠪᠦᠢᠷ ᠤᠨ ᠲᠡᠨᠳᠡ ᠪᠠᠶᠢᠭᠰᠠᠨ᠃ ᠲᠡᠷᠡ ᠦᠶ᠎ᠡ ᠳᠤ ᠮᠢᠩᠭᠠᠨ ᠬᠤᠰᠢᠭᠤ ᠪᠣᠯ ᠲᠡᠳᠡᠨ ᠤ ᠲᠤᠳᠤᠷᠠᠬᠢ ᠨᠢᠭᠡ ᠰᠠᠯᠪᠤᠷᠢ ᠨᠢ ᠪᠣᠯᠤᠨ᠎ᠠ᠂ ᠡᠨᠡ ᠮᠢᠩᠭᠠᠨ ᠭᠡᠰᠡᠨ ᠦᠭᠡ ᠶᠢ ᠪᠢ ᠪᠣᠯ ᠢᠩᠭᠢᠵᠦ ᠤᠶᠢᠯᠠᠭᠠᠵᠤ ᠪᠠᠶᠢᠨ᠎ᠠ᠃ ᠴᠢᠩᠭᠢᠰ ᠬᠠᠭᠠᠨ ᠬᠠᠭᠠᠨ ᠰᠠᠭᠤᠭᠰᠠᠨ ᠤ ᠲᠠᠷᠠᠭ᠎ᠠ ᠲᠤᠤᠷᠠᠬᠢ ᠬᠦᠮᠦᠰ ᠢᠶᠠᠨ ᠱᠠᠩᠨᠠᠬᠤ ᠳᠠᠭᠠᠨ ᠤᠤᠯ ᠨᠢ ᠬᠠᠰᠠᠷ ᠲᠤ ᠲᠦᠷᠪᠡᠨ ᠮᠢᠩᠭᠠᠨ ᠡᠷᠦᠭᠡ ᠱᠠᠩᠨᠠᠭᠰᠠᠨ᠂ ᠰᠡᠭᠦᠯ ᠳᠤᠨᠢ ᠴᠢᠩᠭᠢᠰ ᠬᠠᠭᠠᠨ ᠬᠠᠰᠠᠷ ᠢ ᠶᠠᠯᠠᠳᠠᠵᠤ᠂ ᠮᠢᠩᠭ᠎ᠠ ᠭᠠᠷᠦ᠋ᠢᠬᠠᠨ ᠡᠷᠦᠭᠡ ᠲᠠᠢ ᠪᠠᠶᠢᠯᠭᠠᠵᠠᠢ᠃ ᠲᠠᠷᠦᠢ ᠡᠨᠡ ᠮᠢᠩᠭᠠᠨ ᠡᠷᠦᠭᠡ ᠪᠣᠯ ᠬᠠᠪᠤᠳᠤ ᠬᠠᠰᠠᠷ ᠤᠨ ᠭᠤᠣᠯ ᠬᠦᠴᠦᠳᠡᠨ᠂ ᠭᠤᠣᠯ ᠠᠶᠢᠮᠠᠭ ᠪᠤᠯᠤᠨ᠎ᠠ᠂ ᠣᠳᠤ ᠪᠠᠷ ᠠᠪᠴᠤ ᠬᠡᠯᠡᠪᠡᠯ ᠲᠦᠪ ᠨᠢ ᠪᠤᠯᠤᠨ᠎ᠠ᠃ ᠡᠶᠢᠮᠦ ᠠᠴᠠ ᠬᠠᠪᠤᠳᠤ ᠬᠠᠰᠠᠷ ᠤᠨ ᠤᠷᠳᠣᠨ ᠠᠬᠤᠢ ᠶᠢ ᠬᠠᠮᠠᠭᠠᠯᠠᠵᠤ ᠪᠠᠶᠢᠭᠰᠠᠨ ᠮᠢᠩᠭᠠᠨ ᠭᠡᠳᠡᠭ ᠨᠢ ᠶᠠᠪᠤᠭᠰᠠᠭᠠᠷ ᠪᠠᠶᠢᠭᠠᠳ ᠮᠤᠤᠮᠢᠩᠭᠠᠨ ᠪᠣᠯᠣᠭᠰᠠᠨ᠃ ᠮᠤᠤᠮᠢᠩᠭᠠᠨ ᠪᠣᠯ ᠶᠡᠭᠡ ᠪᠦᠯᠬᠦᠮᠳᠡᠯ ᠲᠠᠢ᠂ ᠨᠢᠭᠳᠠᠷᠠᠵᠤ ᠰᠠᠭᠤᠷᠢᠰᠢᠭᠰᠠᠨ᠃ ᠳᠠᠷᠤᠢ ᠬᠠᠰᠠᠷ ᠤᠨ ᠲᠦᠪ ᠢᠶᠠᠨ ᠲᠤᠭᠤᠷᠢᠵᠤ᠂ ᠪᠦᠯᠬᠦᠮᠳᠡᠵᠦ ᠨᠢᠭᠳᠠᠷᠠᠭᠰᠠᠨ ᠡᠶᠢᠮᠦ ᠮᠢᠩᠭᠠᠨ ᠪᠤᠯᠤᠨ᠎ᠠ᠃ ᠮᠠᠭᠤ ᠰᠠᠶᠢᠨ ᠤ ᠮᠠᠭᠤ ᠪᠢᠰᠢ᠂ ᠬᠠᠰᠠᠷ ᠤᠨ ᠲᠦᠪ ᠢ ᠲᠤᠭᠤᠷᠢᠵᠤ ᠰᠠᠭᠤᠭᠰᠠᠨ ᠡᠶᠢᠮᠦ ᠮᠢᠩᠭᠠᠨ᠃ ᠲᠡᠶᠢᠮᠦ ᠪᠣᠯᠬᠤᠷ ᠬᠠᠰᠠᠷ ᠢ ᠲᠠᠭᠠᠯᠠᠯ ᠲᠡᠭᠦᠰᠦᠭᠰᠡᠨ ᠬᠤᠶᠢᠨ᠎ᠠ᠂ ᠬᠠᠰᠠᠷ ᠤᠨ ᠣᠷᠳᠤᠨ ᠳᠠᠭᠠᠨ ᠬᠠᠰᠠᠷ ᠤᠨ ᠲᠠᠬᠢᠯᠭ᠎ᠠ ᠶᠢ ᠮᠢᠩᠭᠠᠨᠴᠤᠳ ᠬᠡᠵᠢᠶᠡᠳᠡ ᠬᠠᠮᠢᠭ᠎ᠠ ᠶᠠᠪᠤᠪᠠᠴᠤ ᠬᠠᠮᠢᠭ᠎ᠠ ᠠᠪᠤᠭᠠᠳ ᠶᠠᠪᠤᠳᠠᠭ᠃ ᠰᠡᠭᠦᠯᠡᠷ ᠨᠢ ᠮᠢᠩᠭᠠᠨᠴᠣᠳ ᠬᠤᠶᠢᠳᠤ ᠠᠯᠳᠠᠨ ᠤᠯᠤᠰ ᠲᠤ ᠣᠷᠣᠵᠣ ᠦᠭᠬᠦᠭᠡᠳ ᠮᠠᠨᠵᠤ ᠬᠠᠭᠠᠨ ᠤ ᠡᠷᠬᠡᠰᠢᠶᠡᠯ ᠳᠤ ᠤᠷᠤᠭᠰᠠᠨ᠃ ᠡᠨᠡ ᠦᠶ᠎ᠡ ᠳᠤ ᠮᠠᠨᠵᠤ ᠬᠠᠭᠠᠨ ᠤ ᠡᠷᠭᠡᠰᠢᠶᠠᠯ ᠠᠴᠠ ᠪᠤᠯᠵᠤ᠂ ᠣᠯᠠᠨ ᠠᠶᠢᠮᠠᠭ ᠢ ᠨᠠᠭᠠᠰᠢ ᠴᠠᠭᠠᠰᠢ ᠰᠢᠯᠵᠢᠭᠦᠯᠭᠦ ᠳᠡᠭᠡᠨ ᠮᠢᠩᠭᠠᠨ ᠢ ᠪᠣᠯ ᠬᠦᠯᠦᠨ ᠬᠦᠢᠷ ᠠᠴᠠ ᠢᠷᠡᠭᠦᠯᠦᠭᠰᠡᠨ ᠪᠠᠶᠢᠨ᠎ᠠ᠃ ᠤᠷᠠᠳ᠂ ᠲᠦᠷᠪᠡᠳ ᠪᠣᠯ ᠪᠦᠷ ᠢᠩᠭᠢᠵᠦ ᠣᠷᠤᠵᠦ ᠢᠷᠡᠭᠰᠡᠨ ᠠᠶᠢᠮᠠᠭ ᠤᠳ ᠪᠣᠯᠤᠨ᠎ᠠ᠃ ᠮᠢᠩᠭᠠᠨᠴᠣᠳ ᠬᠡᠳᠦᠨ ᠵᠠᠭᠤᠨ ᠵᠢᠯ ᠤᠨ ᠲᠤᠷᠰᠢ ᠲᠠᠬᠢᠯᠭ᠎ᠠ ᠪᠠᠨ ᠣᠰᠣᠯᠳᠠᠭᠤᠯᠤᠯ ᠦᠭᠡᠢ ᠲᠠᠬᠢᠭᠰᠠᠭᠠᠷ ᠢᠷᠡᠵᠡᠢ᠃ ᠮᠢᠩᠭᠠᠨ ᠠᠶᠢᠮᠠᠭ ᠢ ᠮᠠᠨᠵᠦ ᠴᠢᠩ ᠤᠯᠤᠰ ᠤᠨ 1633 ᠣᠨ ᠳᠤ ᠮᠤᠤᠮᠢᠩᠭᠠᠨ ᠬᠤᠰᠢᠭᠤ ᠪᠣᠯᠭᠠᠭᠰᠠᠨ᠃ ᠮᠠᠨᠵᠤ ᠶᠢᠨ ᠵᠢᠭᠠᠪᠤᠷᠢ ᠪᠠᠷ ᠨᠠᠭᠠᠰᠢ ᠰᠢᠯᠵᠢᠵᠦ ᠢᠷᠡᠭᠰᠡᠨ ᠶᠤᠮ᠃ ᠬᠤᠰᠢᠭᠤ ᠭᠡᠪᠡᠯ ᠮᠠᠨᠵᠤ ᠶᠢᠨ ᠡᠷᠭᠡᠰᠢᠶᠡᠯ ᠳᠤ ᠪᠠᠶᠢᠭᠰᠠᠨ᠂ ᠮᠤᠤᠮᠢᠩᠭᠠᠨ ᠠᠶᠢᠮᠠᠭ ᠭᠡᠪᠡᠯ ᠬᠠᠭᠤᠴᠢᠨ ᠮᠤᠩᠭᠤᠯ ᠤᠨ ᠨᠢᠭᠡ ᠠᠶᠢᠮᠠᠭ ᠪᠦᠯᠦᠭ ᠢᠶᠠᠨ ᠬᠡᠯᠡᠵᠦ ᠪᠠᠶᠢᠨ᠎ᠠ᠃ ᠳᠠᠷᠤᠢ ᠮᠤᠤᠮᠢᠩᠭᠠᠨ ᠤ ᠵᠠᠰᠠᠭ᠂ ᠪᠠᠳᠭᠡᠷ ᠤᠨ ᠠᠭᠤᠯᠠᠨ ᠳᠤ ᠪᠠᠶᠢᠬᠤ ᠦᠶ᠎ᠡ ᠳᠤ ᠬᠠᠰᠠᠷ ᠤᠨ ᠣᠷᠳᠤᠨ ᠤ ᠲᠠᠬᠢᠯᠭ᠎ᠠ ᠶᠢᠨ ᠦᠷᠭᠦᠭᠡ ᠪᠠᠨ ᠲᠡᠨᠳᠡ ᠲᠠᠬᠢᠵᠤ ᠪᠠᠶᠢᠭᠰᠠᠨ᠃ ᠰᠡᠭᠦᠯ ᠳᠤᠨᠢ ᠠᠲᠠᠷ ᠬᠠᠭᠠᠯᠪᠤᠷᠢᠯᠠᠬᠤ ᠠᠴᠠ ᠪᠣᠯᠵᠤ ᠮᠤᠤᠮᠢᠩᠭᠠᠨ ᠬᠤᠰᠢᠭᠤᠨ ᠤ ᠨᠤᠲᠤᠭ ᠳᠡᠪᠢᠰᠭᠡᠷ ᠨᠢ ᠪᠠᠭ᠎ᠠ ᠪᠣᠯᠬᠤ ᠦᠶ᠎ᠡ ᠳᠤ ᠠᠷᠭ᠎ᠠ ᠦᠭᠡᠢ ᠰᠢᠬᠠᠭᠳᠠᠭᠠᠳ᠂ ᠲᠠᠬᠢᠯᠭ᠎ᠠ ᠶᠢᠨ ᠣᠷᠳᠤᠨ ᠢᠶᠠᠨ ᠬᠦᠶᠠᠩ ᠤᠨ ᠡᠮᠦᠨ᠎ᠡ ᠵᠠᠩᠭ᠎ᠠ ᠶᠢᠨ ᠦᠪᠦᠷ ᠭᠡᠳᠡᠭ ᠭᠠᠵᠠᠷ ᠰᠢᠯᠵᠢᠬᠦᠯᠦᠭᠰᠡᠨ᠃ ᠪᠠᠰᠠ 1917 ᠣᠨ ᠳᠤ ᠰᠢᠯᠵᠢᠭᠡᠳ ᠠᠶᠢᠪᠠᠭ᠎ᠠ ᠭᠤᠣᠯ ᠤᠨ ᠡᠬᠢᠨ ᠳᠤ ᠰᠢᠯᠵᠢᠭᠦᠯᠵᠦ ︵ᠰᠡᠭᠦᠵᠢ ᠶᠢᠨ ᠣᠪᠣᠭ᠎ᠠ︶ ᠳᠠᠬᠢᠨ ᠲᠡᠨᠳᠡ ᠠᠴᠠ ᠬᠤᠶᠢᠰᠢ ᠪᠠᠰᠠ ᠰᠢᠯᠵᠢᠵᠦ ᠣᠳᠤ ᠶᠢᠨ ᠴᠠᠭᠠᠨ ᠱᠣᠷᠣᠩ᠂ ᠬᠠᠷ᠎ᠠ ᠱᠣᠷᠣᠩ ᠭᠡᠬᠦ ᠬᠤᠶᠠᠷ ᠠᠭᠤᠯᠠ ᠶᠢᠨ ᠲᠤᠮᠳᠠᠭᠢ ᠨᠠᠷᠢᠨ ᠵᠢᠯᠠᠭ᠎ᠠ ᠶᠢᠨ ᠡᠬᠢᠨ ᠳᠤ ᠦᠷᠭᠦᠬᠡ ᠪᠠᠨ ᠪᠠᠷᠢᠵᠦ ᠲᠠᠬᠢᠬᠤ ᠪᠣᠯᠣᠭᠰᠠᠨ᠃ ᠲᠡᠭᠡᠭᠡᠳ ᠵᠢᠷᠠᠭᠠᠳ ᠣᠨ ᠪᠣᠯᠬᠤ ᠳᠤ ᠦᠷᠭᠦᠭᠡ ᠨᠢ ᠬᠠᠭᠤᠴᠢᠷᠠᠵᠤ᠂ 1988 ᠣᠨ ᠤ ᠦᠶ᠎ᠡ ᠳᠤ ᠬᠤᠰᠢᠭᠤ ᠵᠠᠰᠠᠭ ᠤᠨ ᠭᠠᠵᠠᠷ ᠠᠴᠠ ᠲᠠᠬᠢᠯᠭ᠎ᠠ ᠶᠢᠨ ᠣᠷᠳᠤᠨ ᠢ ᠰᠢᠨ᠎ᠡ ᠪᠠᠷ ᠪᠠᠶᠢᠭᠤᠯᠵᠤ ᠵᠤᠯᠠ ᠬᠦᠵᠢ ᠶᠢ ᠨᠢ ᠰᠡᠷᠭᠦᠭᠡᠪᠡ᠃
 
ᠢᠷᠡᠯᠲᠡ᠄ ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1