ᠲᠠᠷᠬᠠᠨ ᠮᠤᠤᠮᠢᠩᠭᠠᠨ ᠳᠠᠬᠢ ᠬᠠᠰᠠᠷ ᠤᠨ ᠲᠠᠬᠢᠯᠭ᠎ᠠ ᠶᠢᠨ ᠣᠷᠳᠤᠨ
ᠨᠡᠶᠢᠲᠡᠯᠡᠭᠰᠡᠨ ᠴᠠᠭ᠄
2018-04-11
     ᠲᠠᠷᠬᠠᠨ ᠮᠤᠤᠮᠢᠩᠭᠠᠨ ᠳᠠᠬᠢ ᠬᠠᠰᠠᠷ ᠤᠨ ᠲᠠᠬᠢᠯᠭ᠎ᠠ ᠶᠢᠨ ᠣᠷᠳᠤᠨ ᠬᠠᠪᠤᠳᠤ ᠬᠠᠰᠠᠷ ᠤᠨ ᠲᠠᠬᠢᠯᠭ᠎ᠠ ᠨᠢ ᠬᠡᠪᠴᠢᠶ᠎ᠡ ᠪᠠᠷ ᠨᠡᠯᠢᠶᠡᠳ ᠦᠷᠭᠡᠨ᠂ ᠠᠭᠤᠯᠭ᠎ᠠ ᠪᠠᠷ ᠣᠯᠠᠨ ᠪᠠᠶᠢᠳᠠᠭ᠃ ᠮᠤᠤᠮᠢᠩᠭᠠᠨ ᠤ ᠲᠠᠬᠢᠯᠭ᠎ᠠ ᠳᠤ ᠲᠠᠬᠢᠵᠤ ᠪᠠᠶᠢᠭ᠎ᠠ ᠪᠣᠯ ᠲᠠᠬᠢᠯᠭ᠎ᠠ ᠶᠢᠨ ᠣᠷᠳᠤᠨ᠂ ᠲᠠᠬᠢᠯᠭ᠎ᠠ ᠶᠢᠨ ᠦᠷᠭᠦᠭᠡ︔ ᠠᠷᠤ ᠬᠤᠷᠴᠢᠨ ᠤ ᠲᠠᠬᠢᠵᠦ ᠪᠠᠶᠢᠭ᠎ᠠ ᠪᠣᠯ ᠲᠠᠬᠢᠯᠭ᠎ᠠ ᠶᠢᠨ ᠣᠪᠣᠭ᠎ᠠ︔ ᠣᠳᠤᠭ ᠤᠨ ᠡᠮᠦᠨᠡᠳᠦ ᠬᠤᠰᠢᠭᠤᠨ ᠳᠤ ᠲᠠᠬᠢᠵᠤ ᠪᠠᠶᠢᠭ᠎ᠠ ᠪᠣᠯ ᠠᠯᠠᠭ ᠰᠦᠯᠳᠡ︔ ᠠᠯᠠᠱᠠ ᠳᠤ ᠲᠠᠬᠢᠵᠦ ᠪᠠᠶᠢᠭ᠎ᠠ ᠪᠣᠯ ᠪᠠᠶᠢᠪᠠᠩᠬ᠎ᠠ᠂ ᠪᠦᠷ ᠬᠠᠰᠠᠷ ᠢ ᠲᠠᠬᠢᠵᠦ ᠪᠠᠶᠢᠨ᠎ᠠ᠃ ᠮᠠᠨ ᠤ ᠪᠤᠭᠤᠳᠤ ᠬᠤᠲᠠ ᠨᠢ ᠳᠡᠭᠡᠳᠦᠰ ᠤᠨ ᠲᠡᠤᠬᠡ ᠰᠣᠳᠣᠯᠣᠯ ᠪᠣᠯᠣᠨ ᠵᠢᠭᠤᠯᠴᠢᠯᠡᠯ ᠤᠨ ᠦᠢᠯᠡᠰ ᠢ ᠤᠶᠠᠯᠳᠤᠭᠤᠯᠵᠤ ᠬᠠᠪᠤᠳᠤ ᠬᠠᠰᠠᠷ ᠤᠨ ᠲᠠᠬᠢᠯᠭ᠎ᠠ ᠶᠢ ᠪᠣᠯ ᠨᠡᠯᠢᠶᠡᠳ ᠦᠷᠭᠡᠳᠭᠡᠨ᠂ ᠬᠠᠰᠠᠷ ᠤᠨ ᠣᠪᠣᠭ᠎ᠠ ᠶᠢ ᠰᠢᠨᠡᠳᠭᠡᠨ᠂ ᠬᠠᠰᠠᠷ ᠤᠨ ᠰᠦᠯᠳᠡ ᠶᠢᠨ ᠲᠠᠬᠢᠯᠭ᠎ᠠ ᠶᠢ ᠡᠬᠢᠯᠡᠭᠦᠯᠵᠦ᠂ ᠬᠠᠰᠠᠷ ᠤᠨ ᠦᠷᠭᠦᠭᠡᠨ ᠤ ᠲᠠᠬᠢᠯᠭ᠎ᠠ᠂ ᠬᠠᠰᠠᠷ ᠤᠨ ᠪᠦᠷᠢᠶᠡᠨ ᠤ ᠲᠠᠬᠢᠯᠭ᠎ᠠ ᠵᠡᠷᠭᠡ ᠶᠢ ᠬᠢᠳᠡᠭ ᠠᠴᠠ ᠬᠠᠪᠤᠳᠤ ᠬᠠᠰᠠᠷ ᠤᠨ ᠲᠦᠪᠯᠡᠷᠡᠭᠰᠡᠨ ᠨᠢᠭᠡᠨ ᠲᠠᠬᠢᠯᠭ᠎ᠠ ᠪᠣᠯᠣᠨ᠎ᠠ᠃ 1988 ᠣᠨ ᠳᠤ ᠲᠠᠷᠬᠠᠨ ᠮᠤᠤᠮᠢᠩᠭᠠᠨ ᠳᠤ ᠰᠢᠨ᠎ᠡ ᠪᠠᠷ ᠪᠠᠶᠢᠭᠤᠯᠤᠭᠰᠠᠨ ︽ᠬᠠᠪᠤᠳᠤ ᠬᠠᠰᠠᠷ ᠤᠨ ᠲᠠᠬᠢᠯᠭ᠎ᠠ ᠶᠢᠨ ᠣᠷᠳᠤᠨ ︾᠎ ᠨᠢ ᠶᠡᠷᠡᠨ ᠲᠡᠭᠰᠢ ᠲᠦᠷᠪᠡᠯᠵᠢᠨ ᠮᠧᠳ᠋ᠷ ᠲᠠᠯᠠᠪᠠᠢ ᠲᠠᠢ ᠶᠢᠰᠦᠨ ᠮᠧᠳ᠋ᠷ ᠦᠨᠳᠦᠷ ᠪᠦᠮᠪᠦᠭᠡᠷ ᠣᠷᠦᠢ ᠲᠠᠢ ᠭᠤᠣᠯ ᠲᠠᠩᠬᠢᠮ ᠪᠣᠯᠣᠨ ᠬᠤᠶᠠᠷ ᠴᠢᠬᠢᠨ ᠲᠠᠩᠬᠢᠮ ᠢᠶᠠᠷ ᠪᠦᠷᠢᠯᠳᠦᠵᠡᠢ᠃ ᠮᠤᠩᠭᠤᠯ ᠭᠡᠷ ᠰᠢᠭ ᠪᠦᠮᠪᠦᠭᠡᠷ ᠣᠷᠣᠢ ᠳᠡᠭᠡᠷ᠎ᠡ ᠨᠢ ᠠᠯᠳᠠᠨ ᠭᠠᠨᠵᠢᠷ᠎ᠠ ᠮᠠᠨᠳᠤᠭᠤᠯᠵᠤ ᠤᠭᠠᠯᠵᠠ ᠭᠦᠯᠳᠦᠷᠭᠡ ᠵᠢᠷᠤᠭᠰᠠᠨ ᠪᠦᠭᠡᠳ ᠬᠤᠶᠠᠷ ᠴᠢᠬᠢᠨ ᠲᠠᠩᠬᠢᠮ ᠤᠨ ᠬᠢᠨᠢ ᠣᠷᠣᠢ ᠲᠡᠭᠡᠷ᠎ᠡ ᠲᠠᠯᠢᠵᠦ ᠪᠠᠶᠢᠭ᠎ᠠ ᠨᠣᠮᠤ ᠰᠤᠮᠤ ᠪᠣᠯᠣᠨ ᠰᠦᠯᠳᠡ ᠰᠢᠷᠡᠭᠡ ᠶᠢ ᠲᠤᠰ ᠪᠦᠷᠢ ᠪᠣᠰᠬᠠᠭᠰᠠᠨ ᠬᠠᠪᠤᠳᠤ ᠬᠠᠰᠠᠷ ᠤᠨ ᠮᠡᠷᠭᠡᠨ ᠪᠣᠳᠣᠯᠭ᠎ᠠ᠂ ᠡᠷᠡᠮᠡᠬᠡᠢ ᠴᠢᠳᠠᠯ ᠢᠶᠠᠷ ᠢᠶᠠᠨ ᠲᠠᠭᠠᠷᠢᠬᠤ ᠪᠦᠷᠢ ᠲᠠᠶᠢᠯᠵᠤ᠂ ᠪᠠᠶᠢᠯᠳᠤᠬᠤ ᠪᠦᠷᠢ ᠢᠯᠠᠳᠠᠭ ᠠᠤᠭ᠎ᠠ ᠶᠡᠭᠡ ᠰᠦᠷ ᠬᠦᠴᠦᠨ᠂ ᠰᠦᠯᠳᠡ ᠬᠡᠢ ᠮᠣᠷᠢ ᠶᠢ ᠨᠢ ᠪᠡᠯᠭᠡᠳᠡᠵᠡᠢ᠃ ᠬᠠᠪᠤᠳᠤ ᠬᠠᠰᠠᠷ ᠤᠨ ᠡᠳ᠋ᠯᠡᠯ ᠬᠡᠷᠡᠭᠰᠡᠯ ᠳᠡᠭᠡᠷ᠎ᠡ ᠪᠠᠰᠠ ᠣᠯᠠᠨ ᠬᠡᠯᠡᠯᠭᠡ ᠲᠠᠢ᠃ ᠬᠠᠪᠤᠳᠤ ᠬᠠᠰᠠᠷ ᠤᠨ ᠦᠶ᠎ᠡ ᠶᠢᠨ ᠶᠠᠭᠤᠮ᠎ᠠ ᠬᠡᠵᠦ ᠪᠠᠶᠢᠭ᠎ᠠ ᠪᠢᠰᠢ᠃ ᠭᠡᠪᠡᠴᠦ ᠬᠠᠪᠤᠳᠤ ᠬᠠᠰᠠᠷ ᠤᠨ ᠬᠤᠶᠢᠴᠢ ᠦᠶ᠎ᠡ ᠶᠢᠨ ᠬᠦᠮᠦᠰ ᠤᠨ ᠤᠯᠠᠮᠵᠢᠯᠠᠭᠰᠠᠨ ᠬᠠᠪᠤᠳᠤ ᠬᠠᠰᠠᠷ ᠤᠨ ᠲᠠᠬᠢᠯᠭ᠎ᠠ ᠲᠠᠢ ᠬᠤᠯᠪᠤᠭᠳᠠᠬᠤ ᠦᠨ᠎ᠡ ᠴᠡᠨ᠎ᠡ ᠲᠠᠢ ᠵᠦᠢᠯᠡᠰ ᠪᠣᠯ ᠪᠤᠢ᠃ ᠬᠠᠪᠤᠳᠤ ᠬᠠᠰᠠᠷ ᠤᠨ ᠬᠤᠶᠠᠷ ᠵᠢᠷᠤᠮᠠᠯ ᠬᠦᠷᠦᠭ ᠪᠣᠯ ᠳᠠᠷᠤᠢ ᠬᠠᠪᠤᠳᠤ ᠬᠠᠰᠠᠷ ᠤᠨ ᠤᠤᠯ ᠤᠨ ᠪᠠᠶᠢᠭᠰᠠᠨ ᠬᠦᠷᠦᠭ ᠢ ᠰᠡᠭᠦᠳᠡᠷᠯᠡᠵᠦ ᠠᠪᠤᠭᠰᠠᠨ ᠪᠠᠶᠢᠨ᠎ᠠ᠃ ᠲᠠᠬᠢᠪᠠᠯ ᠲᠠᠬᠢᠯᠭ᠎ᠠ ᠶᠢᠨ ᠣᠷᠳᠤᠨ ᠳᠤ ᠨᠢᠭᠡ ᠦᠯᠢᠶᠡᠳᠡᠭ ᠳᠤᠩ ᠪᠤᠢ᠂ ᠡᠨᠡ ᠪᠣᠯ ᠬᠠᠭᠤᠴᠢᠨ ᠦᠶ᠎ᠡ ᠳᠤ ᠪᠠᠶᠢᠭᠰᠠᠨ ᠳᠤᠩ ᠪᠣᠯᠤᠨ᠎ᠠ᠃ ᠲᠠᠬᠢᠯᠭ᠎ᠠ ᠶᠢᠨ ᠪᠠᠰᠠ ᠨᠢᠭᠡ ᠬᠤᠪᠢᠩ ᠪᠤᠢ᠂ ᠭᠠᠤᠯᠢᠨ ᠰᠠᠭᠤᠯᠭ᠎ᠠ ᠪᠤᠢ᠂ ᠡᠨᠡ ᠨᠢ ᠡᠩ ᠤᠨ ᠦᠨᠢᠶ᠎ᠡ ᠰᠠᠭᠠᠳᠠᠭ ᠰᠠᠭᠤᠯᠠᠭ᠎ᠠ ᠠᠴᠠ ᠶᠡᠭᠡ᠂ ᠡᠨᠡ ᠰᠠᠭᠤᠯᠠᠭ᠎ᠠ ᠪᠣᠯ ᠮᠦᠨ ᠤᠤᠯ ᠠᠴᠠ ᠪᠠᠨ ᠪᠠᠶᠢᠭᠰᠠᠨ᠃ ᠪᠠᠰᠠ ᠨᠢᠭᠡ ᠨᠣᠮᠤ ᠰᠤᠮᠤ ᠪᠤᠢ᠂ ᠲᠡᠷᠡ ᠴᠤ ᠤᠤᠯ ᠠᠴᠠ ᠪᠠᠨ ᠪᠠᠶᠢᠭᠰᠠᠨ᠃ ᠨᠡᠩ ᠦᠨᠡᠳᠡᠢ ᠵᠦᠢᠯ ᠪᠣᠯ ︽ᠴᠢᠩᠭᠢᠰ ᠤᠨ ᠲᠠᠬᠢᠯᠭ᠎ᠠ ᠶᠢᠨ ᠰᠤᠳᠤᠷ ᠣᠷᠣᠰᠢᠪᠠᠢ︾᠂ ︽ᠴᠢᠩᠭᠢᠰ ᠤᠨ ᠴᠠᠳᠢᠭ ᠣᠷᠣᠰᠢᠪᠠᠢ︾ ᠭᠡᠬᠦ ᠬᠤᠶᠠᠷ ᠰᠤᠳᠤᠷ ᠨᠤᠮᠤ ᠪᠣᠯ ᠶᠡᠷᠦ ᠨᠢ ᠠᠳᠡ ᠬᠠᠳᠠᠭᠠᠯᠠᠭᠳᠠᠵᠤ ᠪᠠᠶᠢᠭᠰᠠᠨ᠃ ᠡᠭᠦᠨ ᠢ ᠦᠪᠦᠷ ᠮᠤᠩᠭᠤᠯ ᠤᠨ ᠰᠢᠨᠵᠢᠯᠡᠬᠦ ᠤᠬᠠᠭᠠᠨ ᠤ ᠬᠦᠷᠢᠶᠡᠯᠡᠩ ᠳᠤ ᠲᠡᠷᠡ ᠶᠣᠰᠤᠭᠠᠷ ᠨᠢ ᠬᠠᠳᠠᠭᠠᠯᠠᠵᠤ ᠪᠤᠢ᠂ ᠲᠤᠷᠤᠩᠭ᠎ᠠ ᠨᠣᠮ ᠳᠠᠭᠠᠨ ᠲᠡᠪᠲᠡᠷᠯᠡᠵᠦ ᠭᠠᠷᠭᠠᠭᠰᠠᠨ᠃ ᠲᠠᠬᠢᠭᠠᠳ ᠬᠡᠯᠡᠪᠡᠯ ᠭᠠᠳᠠᠷ ᠲᠠᠯ᠎ᠠ ᠳᠤ ᠪᠢᠴᠢᠭ ᠤᠨ ᠬᠠᠳᠠ ᠭᠡᠵᠦ ᠪᠤᠢ᠃ ᠲᠡᠷᠡ ᠦᠶ᠎ᠡ ᠳᠤ ᠬᠠᠰᠠᠷ ᠤᠨ ᠲᠠᠬᠢᠯᠭ᠎ᠠ ᠶᠢᠨ ᠣᠯᠠᠨ ᠵᠦᠢᠯ ᠤᠨ ᠶᠠᠭᠤᠮ᠎ᠠ ᠳᠠᠭᠤᠤ᠂ ᠰᠢᠯᠦᠭ᠂ ᠢᠷᠦᠭᠡᠯ ᠮᠠᠭᠲᠠᠭᠠᠯ᠂ ᠤᠩᠰᠢᠯᠭ᠎ᠠ ᠰᠠᠩ᠂ ᠲᠡᠤᠬᠡ ᠨᠠᠮᠲᠠᠷ ᠪᠣᠯ ᠪᠦᠷ ᠪᠢᠴᠢᠭ ᠤᠨ ᠬᠠᠳᠠᠨ ᠳᠤ ᠬᠠᠳᠠᠭᠠᠯᠠᠭᠳᠠᠵᠤ ᠪᠠᠶᠢᠭᠰᠠᠨ᠃ ᠦᠷᠭᠦᠭᠡ ᠶᠢᠨ ᠬᠢᠨᠢ ᠪᠦᠷᠢᠶᠡᠰᠦ ᠶᠢ ᠪᠣᠯ ᠭᠤᠷᠪᠠᠨ ᠵᠢᠯ ᠳᠤ ᠨᠢᠭᠡ ᠤᠳᠠᠭ᠎ᠠ ᠰᠣᠯᠢᠨ᠎ᠠ᠃ ᠡᠨᠡ ᠰᠣᠯᠢᠭᠰᠠᠨ ᠪᠦᠷᠢᠶᠡᠰᠦ ᠪᠠᠷ ᠢᠶᠠᠨ ᠨᠣᠮ ᠰᠤᠳᠤᠷ ᠢᠶᠠᠨ ᠪᠦᠳᠡᠭᠡᠵᠦ ᠲᠠᠯᠪᠢᠳᠠᠭ᠃ ᠭᠤᠷᠪᠠᠨ ᠵᠢᠯ ᠳᠤ ᠨᠢᠭᠡ ᠰᠤᠯᠢᠬᠤ ᠪᠣᠯᠭᠠᠨ ᠲᠡᠷᠡ ᠭᠠᠵᠠᠷ ᠲᠠᠯᠪᠢᠵᠦ᠂ ᠪᠤᠰᠤᠳ ᠭᠠᠵᠠᠷ ᠬᠠᠶᠠᠵᠦ ᠪᠣᠯᠬᠤ ᠦᠭᠡᠢ᠃ ᠢᠰᠡᠭᠡᠢ ᠪᠣᠯ ᠤᠰᠤᠨ ᠳᠤ ᠳᠠᠭᠠᠭᠠᠴᠠᠳᠠᠢ᠃ ᠵᠤᠵᠠᠭᠠᠨ ᠪᠣᠯᠣᠭᠠᠳ ᠢᠷᠡᠬᠦ ᠳᠤ ᠪᠤᠷᠤᠭᠠᠨ ᠤ ᠤᠰᠤ ᠨᠡᠪᠳᠡᠷᠡᠬᠦ ᠦᠭᠡᠢ ᠪᠣᠯᠳᠠᠭ᠃ ᠬᠠᠰᠠᠷ ᠤᠨ ᠪᠢᠴᠢᠭ ᠤᠨ ᠬᠠᠳᠠᠨ ᠳᠤ ᠪᠠᠶᠢᠭ᠎ᠠ ᠨᠣᠮ ᠰᠤᠳᠤᠷ ᠲᠡᠷᠡ ᠴᠢᠭ ᠢᠶᠠᠷ ᠢᠶᠠᠨ ᠰᠠᠶᠢᠬᠠᠨ ᠬᠠᠳᠠᠭᠠᠯᠠᠭᠳᠠᠵᠤ ᠪᠠᠶᠢᠨ᠎ᠠ᠃ ᠰᠤᠳᠤᠷ ᠤᠨ ᠬᠠᠳᠠ ᠪᠣᠯ ᠪᠠᠰᠠ ᠳᠤᠷᠠᠰᠬᠠᠯᠳᠤ ᠵᠦᠢᠯ ᠤᠨ ᠦᠯᠡᠳᠡᠭᠳᠡᠯ ᠳᠤ ᠣᠷᠣᠵᠣ ᠪᠣᠯᠣᠨ᠎ᠠ᠃ ᠲᠣᠭᠤᠭᠠᠴᠢ ᠶᠢᠨ ᠪᠤᠯᠠᠭ ᠲᠡᠷᠡ ᠬᠡᠪ ᠢᠶᠠᠷ ᠢᠶᠠᠨ ᠪᠤᠢ᠂ ᠲᠡᠨᠳᠡ ᠪᠠᠰᠠ ᠨᠢᠭᠡ ᠪᠠᠯᠪᠠᠷᠬᠠᠢ ᠬᠠᠰᠠᠭ ᠪᠤᠢ᠂ ᠲᠡᠭᠦᠨ ᠢ ᠬᠠᠰᠠᠷ ᠤᠨ ᠲᠠᠬᠢᠯᠭ᠎ᠠ ᠶᠢᠨ ᠦᠶ᠎ᠡ ᠳᠤ ᠠᠷᠭᠠᠯ ᠲᠡᠭᠦᠬᠦ ᠪᠤᠶᠤ ᠪᠦᠷᠢᠶᠡᠰᠦ ᠪᠠᠨ ᠲᠡᠭᠡᠭᠡᠬᠦ ᠳᠤ ᠬᠡᠷᠡᠭᠯᠡᠵᠦ ᠪᠠᠶᠢᠭᠰᠠᠨ ᠭᠡᠳᠡᠭ᠃ ᠬᠠᠰᠠᠷ ᠢ ᠰᠤᠳᠤᠯᠬᠤ ᠳᠤ ᠲᠡᠭᠦᠨ ᠤ ᠦᠯᠢᠭᠡᠷ ᠲᠡᠤᠬᠡ ᠪᠤᠢ᠂ ᠭᠠᠷ ᠲᠤ ᠬᠠᠳᠠᠭᠠᠯᠠᠭᠳᠠᠵᠤ ᠦᠯᠡᠳᠡᠭᠰᠡᠨ ᠶᠠᠭᠤᠮ᠎ᠠ ᠪᠠᠰᠠ ᠪᠤᠢ᠃ ᠪᠠᠰᠠ ᠨᠢᠭᠡ ᠡᠮᠡᠭᠡᠯ ᠪᠣᠢ᠂ ᠰᠠᠭᠤᠳᠠᠯ ᠨᠢ ᠶᠡᠭᠡ᠂ ᠡᠩ ᠤᠨ ᠡᠮᠡᠭᠡᠯ ᠲᠠᠢ ᠲᠠᠭᠠᠷᠠᠬᠤ ᠦᠭᠡᠢ᠃ ᠡᠳᠡᠭᠡᠷ ᠵᠦᠢᠯ ᠪᠣᠯ ᠬᠠᠰᠠᠷ ᠤᠨ ᠲᠠᠬᠢᠯᠭ᠎ᠠ ᠶᠢ ᠲᠠᠬᠢᠬᠤ ᠦᠶ᠎ᠡ ᠳᠤ ᠬᠡᠷᠡᠭᠯᠡᠵᠦ᠂ ᠬᠤᠵᠢᠮ ᠰᠤᠳᠤᠯᠬᠤ ᠳᠤ ᠬᠡᠷᠡᠭᠴᠡᠭᠡ ᠲᠠᠢ᠂ ᠶᠠᠭᠤ ᠪᠤᠯᠤᠭᠰᠠᠨ ᠴᠤ ᠤᠯᠠᠮᠵᠢᠯᠠᠬᠤ ᠵᠦᠢᠯ ᠪᠠᠰᠠ ᠪᠤᠢ᠂ ᠬᠤᠳᠠᠯ ᠬᠡᠶᠢᠰᠪᠦᠷᠢ ᠦᠭᠡᠷ᠎ᠡ ᠪᠤᠷᠬᠠᠨ ᠲᠠᠬᠢᠯᠭ᠎ᠠ ᠲᠠᠢ ᠠᠳᠠᠯᠢ ᠦᠭᠡᠢ᠃ ᠬᠠᠰᠠᠷ ᠤᠨ ᠲᠠᠬᠢᠯᠭ᠎ᠠ ᠪᠣᠯ ᠶᠡᠭᠡ ᠴᠢᠬᠤᠯᠠ ᠦᠨ᠎ᠡ ᠦᠷᠲᠡᠭ ᠲᠠᠢ᠂ ᠲᠡᠤᠬᠡ ᠶᠢᠨ ᠤᠯᠠᠮᠵᠢᠯᠠᠯ ᠲᠠᠢ ᠰᠤᠶᠤᠯ ᠪᠠᠶᠢᠭ᠎ᠠ ᠶᠤᠮ᠃ ᠲᠡᠶᠢᠮᠦ ᠳᠡᠭᠡᠨ ᠬᠠᠰᠠᠷ ᠤᠨ ᠲᠠᠬᠢᠯᠭ᠎ᠠ ᠶᠢᠨ ᠰᠤᠶᠤᠯ ᠢ ᠮᠠᠨ ᠤ ᠬᠤᠶᠢᠴᠢ ᠦᠶ᠎ᠡ ᠳᠡᠭᠡᠨ ᠤᠯᠠᠮᠵᠢᠯᠠᠵᠤ ᠬᠦᠭᠵᠢᠬᠦᠯᠬᠦ ᠴᠢᠬᠤᠯᠠᠳᠠᠢ᠃
 
ᠢᠷᠡᠯᠲᠡ᠄ ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1