ᠲᠦᠮᠡᠳ ᠤᠨ ᠠᠯᠳᠠᠨ ᠬᠠᠨ
ᠨᠡᠶᠢᠲᠡᠯᠡᠭᠰᠡᠨ ᠴᠠᠭ᠄
2018-04-11
     ᠠᠯᠲᠠᠨ ᠬᠠᠨ ᠪᠣᠯ 16 ᠳ᠋ᠤᠭᠠᠷ ᠵᠠᠭᠤᠨ ᠤ ᠳᠤᠮᠳᠠᠴᠢ ᠦᠶ᠎ᠡ ᠪᠠ ᠰᠡᠭᠦᠯᠴᠢ ᠦᠶ᠎ᠡ ᠳᠠᠬᠢ ᠤᠮᠠᠷᠠᠳᠤ ᠶᠤᠸᠠᠨ ᠤᠯᠤᠰ ᠤᠨ ᠲᠡᠤᠬᠡᠨ ᠳᠤ ᠠᠯᠳᠠᠷ ᠴᠤᠤᠲᠠᠢ ᠨᠦᠯᠦᠭᠡ ᠶᠡᠬᠡᠳᠡᠢ ᠹᠸᠤᠳᠠᠯ ᠤᠨ ᠡᠵᠡᠨ ᠪᠠᠶᠢᠵᠤ᠂ ᠲᠤᠬᠠᠢ ᠶᠢᠨ ᠦᠶ᠎ᠡ ᠶᠢᠨ ᠵᠢᠷᠭᠤᠭᠠᠨ ᠲᠦᠮᠡᠨ ᠤ ᠳᠣᠳᠤᠷᠠᠬᠢ ᠲᠦᠮᠡᠳ ᠲᠦᠮᠡᠨ ᠤ ᠬᠠᠨ ᠪᠣᠯᠣᠨ᠎ᠠ᠃ ᠲᠡᠷᠡ ᠨᠣᠶᠠᠷᠬᠠᠯ ᠤᠨ ᠬᠤᠭᠤᠴᠠᠭᠠᠨ ᠳᠠᠭᠠᠨ ᠮᠢᠩ ᠤᠯᠤᠰ ᠲᠠᠢ ᠤᠳᠠᠭᠠᠨ ᠵᠢᠯ ᠢᠶᠠᠷ ᠲᠠᠶᠢᠨ ᠳᠠᠵᠢᠨ ᠬᠢᠬᠦ ᠶᠢᠨ ᠬᠠᠮᠲᠤ ᠮᠦᠨ ᠬᠤᠶᠠᠷ ᠡᠲᠡᠭᠡᠳ ᠢᠶᠠᠷ ᠢᠶᠠᠨ ᠡᠪ ᠨᠠᠶᠢᠷᠠᠮᠳᠠᠭᠤ ᠬᠠᠷᠢᠴᠠᠬᠤ ᠶᠢ ᠬᠦᠳᠦᠯᠦᠩᠭᠦᠢ ᠪᠠᠷ ᠡᠷᠡᠮᠡᠯᠵᠡᠯᠡᠨ ᠲᠡᠮᠡᠴᠡᠭᠰᠡᠨ ᠶᠤᠮ᠃ ᠲᠡᠷᠡ ᠮᠤᠩᠭᠤᠯ ᠬᠢᠲᠠᠳ ᠬᠤᠶᠠᠷ ᠦᠨᠳᠦᠰᠦᠳᠡᠨ ᠤ ᠠᠷᠠᠳ ᠲᠦᠮᠡᠨ ᠤ ᠰᠤᠶᠤᠯ ᠪᠣᠯᠣᠨ ᠠᠵᠤ ᠠᠬᠤᠢ ᠶᠢᠨ ᠬᠠᠷᠢᠯᠴᠠᠭ᠎ᠠ ᠶᠢ ᠴᠢᠩᠭᠠᠳᠬᠠᠭᠰᠠᠨ ᠢᠶᠠᠷ ᠪᠠᠷᠠᠬᠤ ᠦᠭᠡᠢ᠂ ᠮᠤᠩᠭᠤᠯ᠂ ᠲᠦᠪᠡᠳ᠂ ᠣᠶᠢᠭᠤᠷ ᠵᠡᠷᠭᠡ ᠪᠤᠰᠤᠳ ᠴᠦᠭᠡᠨ ᠲᠣᠭᠠᠲᠤ ᠦᠨᠳᠦᠰᠦᠳᠡᠨ ᠤ ᠬᠤᠭᠤᠷᠤᠨᠳᠤᠬᠢ ᠬᠠᠷᠢᠴᠠᠭ᠎ᠠ ᠬᠤᠯᠪᠣᠭ᠎ᠠ ᠶᠢ ᠴᠤ ᠲᠦᠯᠬᠢᠨ ᠠᠬᠢᠭᠤᠯᠵᠤ᠂ ᠨᠣᠶᠠᠷᠬᠠᠯ ᠤᠷᠤᠨ ᠤ ᠪᠠᠨ ᠲᠠᠷᠢᠶᠠᠯᠠᠩ ᠪᠣᠯᠣᠨ ᠭᠠᠷ ᠦᠢᠯᠡᠳᠪᠦᠷᠢᠯᠠᠯ ᠤᠨ ᠥᠳᠲᠡᠷ ᠲᠦᠷᠭᠡᠨ ᠬᠦᠭᠵᠢᠬᠦ ᠳᠤ ᠲᠦᠢᠯ ᠤᠨ ᠢᠳᠡᠪᠬᠢᠳᠡᠢ ᠦᠢᠯᠡᠳᠦᠯ ᠦᠵᠡᠭᠦᠯᠦᠭᠰᠡᠨ ᠪᠠᠶᠢᠨ᠎ᠠ᠃ ᠠᠯᠳᠠᠨ ᠬᠠᠨ ᠠᠴᠠ ᠬᠦᠬᠡᠬᠤᠲᠠ ᠶᠢ ᠴᠣᠭᠴᠠᠯᠠᠨ ᠪᠠᠶᠢᠭᠤᠯᠤᠭᠰᠠᠨ ᠶᠠᠪᠤᠳᠠᠯ ᠨᠢ ᠤᠮᠠᠷᠠᠳᠤ ᠶᠤᠸᠠᠨ ᠤᠯᠤᠰ ᠤᠨ ᠤᠯᠤᠰ ᠲᠦᠷᠦ ᠠᠵᠤ ᠠᠬᠤᠢ ᠪᠣᠯᠣᠨ ᠰᠤᠶᠤᠯ ᠤᠨ ᠬᠦᠭᠵᠢᠯ ᠳᠤ ᠮᠠᠰᠢ ᠶᠡᠭᠡ ᠲᠦᠯᠬᠢᠴᠡ ᠬᠦᠴᠦᠨ ᠪᠣᠯᠵᠠᠢ᠃ ᠨᠡᠩ ᠴᠤ ᠯᠠᠮ᠎ᠠ ᠶᠢᠨ ᠱᠠᠰᠢᠨ ᠢ ᠰᠤᠷᠲᠠᠯᠴᠢᠯᠠᠨ ᠳᠡᠯᠭᠡᠷᠡᠭᠦᠯᠵᠦ ᠤᠮᠠᠷᠠᠳᠤ ᠶᠤᠸᠠᠨ ᠤᠯᠤᠰ ᠤᠨ ᠦᠷᠭᠡᠨ ᠠᠭᠤᠳᠠᠮ ᠭᠠᠵᠠᠷ ᠣᠷᠣᠨ ᠳᠤ ᠲᠦᠭᠡᠮᠡᠯᠵᠢᠭᠦᠯᠦᠭᠰᠡᠨ ᠶᠠᠪᠤᠳᠠᠯ ᠨᠢ ᠤᠮᠠᠷᠠᠲᠤ ᠶᠤᠸᠠᠨ ᠤᠯᠤᠰ ᠤᠨ ᠤᠯᠤᠰ ᠲᠦᠷᠦ᠂ ᠠᠵᠤ ᠠᠬᠤᠢ᠂ ᠠᠮᠢᠳᠤᠷᠠᠯ ᠳᠤ ᠮᠠᠰᠢ ᠶᠡᠭᠡ ᠨᠦᠯᠦᠭᠡ ᠳᠤᠰᠬᠠᠯ ᠭᠠᠷᠭᠠᠭᠰᠠᠨ ᠪᠠᠶᠢᠨ᠎ᠠ᠃ ᠡᠶᠢᠨ ᠬᠦ ᠠᠯᠲᠠᠨ ᠬᠠᠨ ᠢ ᠲᠡᠤᠬᠡᠨ ᠳᠤ ᠰᠤᠤᠲᠤ ᠬᠠᠨ᠂ ᠠᠯᠲᠠᠨ ᠭᠡᠭᠡᠨ ᠬᠠᠨ᠂ ᠴᠡᠭᠷᠡᠸᠡᠷᠳᠢ ᠬᠠᠨ᠂ ᠰᠢᠳᠦ ᠬᠠᠨ᠂ ᠱᠦᠨ ᠢ ᠸᠠᠩ ᠵᠡᠷᠭᠡ ᠶᠢᠨ ᠮᠠᠰᠢ ᠣᠯᠠᠨ ᠮᠢᠨᠳᠠᠭ ᠴᠤᠯᠠ ᠡᠷᠭᠦᠮᠵᠢᠯᠡᠵᠦ ᠠᠯᠳᠠᠷ ᠨᠡᠷ᠎ᠡ ᠨᠢ ᠠᠯᠳᠠᠨ ᠲᠡᠯᠡᠬᠡᠢ ᠳᠤ ᠳᠠᠭᠤᠷᠢᠰᠤᠭᠰᠠᠨ ᠪᠠᠶᠢᠨ᠎ᠠ᠃ ᠨᠢᠭᠡ᠂ ᠠᠯᠲᠠᠨ ᠬᠠᠨ ᠲᠠᠢ ᠠᠩᠬ᠎ᠠ ᠲᠠᠨᠢᠯᠴᠠᠬᠤᠢ ᠠᠯᠲᠠᠨ ᠬᠠᠨ ᠤ ᠲᠡᠤᠬᠡ ᠨᠢᠭᠡᠨᠳᠡ ᠦᠩᠭᠡᠷᠡᠭᠡᠳ 500 ᠵᠢᠯ ᠪᠣᠯᠵᠠᠢ᠃ ᠲᠡᠭᠡᠪᠡᠯ ᠲᠠᠪᠤᠨ ᠵᠠᠭᠤᠨ ᠵᠢᠯ ᠦᠩᠭᠡᠷᠡᠭᠰᠡᠨ ᠤ ᠳᠠᠷᠠᠭ᠎ᠠ ᠠᠯᠲᠠᠨ ᠬᠠᠨ ᠤ ᠲᠤᠬᠠᠢ ᠶᠠᠷᠢᠬᠤ ᠳᠤ ᠮᠠᠨ ᠤ ᠨᠢᠳᠦᠨ ᠳᠤ ᠦᠵᠡᠭᠳᠡᠵᠦ ᠭᠠᠷ ᠲᠤ ᠪᠠᠷᠢᠭᠳᠠᠮᠠᠷ ᠶᠠᠮᠠᠷ ᠶᠠᠮᠠᠷ ᠶᠠᠭᠤᠮ᠎ᠠ ᠦᠯᠡᠳᠡᠵᠦ ᠪᠠᠶᠢᠭ᠎ᠠ ᠪᠣᠯ︖ ᠨᠢᠭᠡᠳᠦᠭᠡᠷ ᠲᠤ᠂ ᠦᠨᠦᠳᠦᠷ ᠤᠨ ᠬᠦᠬᠡᠬᠤᠲᠠ ᠶᠢ ᠠᠯᠲᠠᠨ ᠬᠠᠨ ᠪᠠᠶᠢᠭᠤᠯᠤᠭᠰᠠᠨ᠃ ᠬᠦᠬᠡᠬᠤᠲᠠ ᠶᠢᠨ ᠠᠩᠬᠠᠨ ᠤ ᠰᠠᠭᠤᠷᠢ ᠶᠢ ᠠᠯᠲᠠᠨ ᠬᠠᠨ ᠲᠠᠯᠪᠢᠭᠰᠠᠨ ᠤᠴᠢᠷ ᠠᠴᠠ ᠬᠦᠮᠦᠰ ᠬᠦᠬᠡᠬᠤᠲᠠ ᠶᠢᠨ ᠠᠩᠬᠠᠳᠤᠭᠠᠷ ᠬᠤᠲᠠ ᠶᠢᠨ ᠲᠠᠷᠤᠭ᠎ᠠ ᠶᠢ ᠠᠯᠲᠠᠨ ᠬᠠᠨ ᠭᠡᠵᠦ ᠬᠡᠯᠡᠳᠡᠭ ᠮᠦᠷᠳᠡᠭᠡᠨ ᠪᠠᠰᠠ ᠠᠯᠳᠠᠨ ᠬᠠᠨ ᠤ ᠬᠠᠳᠤᠨ ᠰᠠᠨ ᠨᠢᠶᠠᠩᠽᠢ ︵ᠵᠦᠩᠭᠡᠨ ᠬᠠᠳᠤᠨ︶ ᠬᠦᠬᠡᠬᠤᠲᠠ ᠶᠢᠨ ᠠᠩᠬᠠᠨ ᠤ ᠳᠠᠷᠤᠭ᠎ᠠ ᠪᠠᠶᠢᠭᠰᠠᠨ ᠭᠡᠳᠡᠭ᠃ ᠠᠯᠲᠠᠨ ᠬᠠᠨ 1575 ᠣᠨ ᠳᠤ ᠬᠦᠬᠡᠬᠤᠲᠠ ᠶᠢ ᠪᠠᠶᠢᠭᠤᠯᠵᠠᠢ᠃ ︽ᠡᠷᠳᠡᠨᠢ ᠲᠤᠨᠤᠮᠠᠯ ᠨᠡᠷᠡᠲᠦ ᠰᠤᠳᠤᠷ︾᠎ ᠲᠤ ᠬᠦᠬᠡᠬᠤᠲᠠ ᠶᠢ ᠪᠠᠶᠢᠭᠤᠯᠤᠭᠰᠠᠨ ᠲᠤᠬᠠᠢ ᠮᠠᠰᠢ ᠤᠷᠠᠨ ᠲᠦᠷᠰᠦᠯᠢᠭ ᠢᠶᠠᠷ ᠲᠡᠮᠳᠡᠭᠯᠡᠭᠰᠡᠨ ᠪᠠᠶᠢᠳᠠᠭ ︽᠁ ᠤᠰᠤᠨ ᠪᠠᠴᠢᠨ ᠵᠢᠯ ︵1575 ᠣᠨ︶ ᠪᠠᠰᠠ ᠬᠦ ᠠᠯᠳᠠᠭᠰᠠᠨ ᠲᠠᠶᠢᠳᠦ ᠶᠢ ᠠᠳᠠᠯᠢᠳᠬᠠᠨ ᠬᠦᠬᠡ ᠬᠤᠲᠠ ᠶᠢ ᠰᠡᠳᠦᠵᠦ᠂ ᠠᠳᠠᠯᠢᠳᠬᠠᠰᠢ ᠦᠭᠡᠢ ᠤᠷᠠᠨ᠎ᠠ ᠵᠤᠬᠢᠶᠠᠨ ᠵᠠᠰᠠᠵᠤ ᠵᠦᠪᠰᠢᠶᠡᠷᠡᠭᠡᠳ ᠬᠤᠷᠣᠬᠤᠨ᠎ᠠ ᠬᠠᠨ ︵ᠬᠠᠷᠬᠤᠨ᠎ᠠ ᠬᠠᠨ ᠭᠡᠳᠡᠭ︶᠎ ᠢ ᠦᠪᠡᠷ᠎ᠡ ︵ᠦᠪᠦᠷ ᠲᠤ︶ ᠬᠠᠳᠤᠨ ᠮᠦᠷᠡᠨ ᠤ ᠭᠤᠣᠯ ᠳᠤᠷ ᠬᠠᠷ᠎ᠠ ᠠᠭᠤᠯᠠ ᠭᠠᠵᠠᠷ ᠤᠨ ᠲᠡᠮᠳᠡᠭ ᠤᠳ ᠪᠦᠷᠢᠳᠦᠭᠰᠡᠨ ᠰᠠᠶᠢᠨ ᠪᠡᠯᠢᠭ ᠲᠤ ᠣᠷᠣᠨ ᠲᠤᠷ ᠂ ᠭᠠᠶᠢᠬᠠᠮᠰᠢᠭ ᠦᠵᠡᠰᠭᠦᠯᠡᠩᠳᠦ ᠨᠠᠢᠮᠡᠨ ᠠᠰᠠᠷ ᠲᠤ ᠬᠤᠲᠠ ᠬᠢᠭᠡᠳ ᠬᠠᠰ ᠣᠷᠳᠣ ᠬᠠᠷᠰᠢ ᠤᠷᠠᠨ᠎ᠠ ᠪᠠᠶᠢᠭᠤᠯᠤᠭᠰᠠᠨ ᠁︾ ᠭᠡᠵᠡᠢ᠃ ᠬᠦᠬᠡᠬᠤᠲᠠ ᠶᠢ ᠪᠠᠶᠢᠭᠤᠯᠤᠭᠰᠠᠨ ᠤ ᠳᠠᠷᠠᠭ᠎ᠠ ᠠᠯᠲᠠᠨ ᠬᠠᠨ ᠤ ᠭᠤᠶᠤᠴᠢᠯᠡᠯ ᠢᠶᠠᠷ ᠮᠦᠨ ᠣᠨ ᠤ ᠠᠷᠪᠠᠨ ᠰᠠᠷ᠎ᠠ ᠳᠤ ᠮᠢᠩ ᠤᠯᠤᠰ ᠤᠨ ᠱᠢᠽᠦᠩ ᠬᠠᠭᠠᠨ ᠬᠦᠬᠡᠬᠤᠲᠠ ᠳᠤ ᠬᠦᠢ ᠬᠤᠸᠠ ᠴᠧᠩ ᠭᠡᠮᠡᠬᠦ ᠨᠡᠷ᠎ᠡ ᠰᠣᠶᠣᠷᠬᠠᠵᠠᠢ᠃ ᠬᠤᠶᠠᠳᠤᠭᠠᠷ ᠲᠤ᠂ ᠰᠢᠷ᠎ᠠ ᠶᠢᠨ ᠱᠠᠰᠢᠨ ᠢ ᠠᠯᠲᠠᠨ ᠬᠠᠨ ᠡᠬᠢᠯᠡᠵᠦ ᠳᠡᠯᠭᠡᠷᠡᠭᠦᠯᠦᠭᠰᠡᠨ᠃ ᠬᠦᠬᠡᠬᠤᠲᠠ ᠶᠢᠨ ᠣᠷᠴᠢᠨ ᠲᠣᠭᠤᠷᠢᠨ ᠳᠤ ᠪᠠᠶᠢᠭ᠎ᠠ ᠮᠠᠰᠢ ᠠᠷᠪᠢᠨ ᠰᠦᠮ᠎ᠡ ᠬᠡᠶᠢᠳ᠂ ᠵᠢᠱᠢᠶᠡᠯᠡᠪᠡᠯ ᠶᠡᠭᠡ ᠵᠤᠤ᠂ ᠰᠢᠷᠡᠭᠡᠳᠦ ᠵᠤᠤ᠂ ᠲᠠᠪᠤᠨ ᠰᠣᠪᠣᠷᠭ᠎ᠠ ᠡᠶᠢᠮᠦ ᠣᠯᠠᠨ ᠰᠦᠮ᠎ᠡ ᠬᠡᠶᠢᠳ ᠢ ᠠᠯᠲᠠᠨ ᠬᠠᠨ ᠤ ᠦᠶ᠎ᠡ ᠳᠤ ᠪᠠᠶᠢᠭᠤᠯᠤᠭᠰᠠᠨ ᠪᠣᠶᠤ ᠠᠯᠲᠠᠨ ᠬᠠᠨ ᠤ ᠬᠤᠶᠢᠴᠢ ᠦᠶ᠎ᠡ ᠶᠢᠨ ᠬᠢᠨ ᠪᠠᠶᠢᠭᠤᠯᠤᠭᠰᠠᠨ᠃ ᠡᠭᠦᠨ ᠠᠴᠠ ᠭᠠᠳᠠᠨ᠎ᠠ ᠮᠤᠩᠭᠤᠯ ᠣᠷᠣᠨ ᠤ ᠭᠠᠵᠠᠷ ᠪᠦᠬᠦᠨ ᠢ ᠪᠠᠶᠢᠭ᠎ᠠ ᠡᠶᠢᠮᠦ ᠣᠯᠠᠨ ᠰᠦᠮ᠎ᠡ ᠬᠡᠶᠢᠳ ᠢ ᠬᠡᠵᠢᠶ᠎ᠡ ᠠᠴᠠ ᠡᠬᠢᠯᠡᠵᠦ ᠪᠠᠶᠢᠭᠤᠯᠤᠭᠰᠠᠨ ᠪᠤᠢ ᠭᠡᠪᠡᠯ᠂ ᠠᠯᠲᠠᠨ ᠬᠠᠨ ᠤ ᠦᠶ᠎ᠡ ᠠᠴᠠ ᠡᠬᠢᠯᠡᠭᠰᠡᠨ᠃ ᠠᠯᠲᠠᠨ ᠬᠠᠨ ᠠᠴᠠ ᠡᠮᠦᠨ᠎ᠡ ᠮᠠᠨ ᠤ ᠮᠤᠩᠭᠤᠯ ᠳᠤ ᠰᠢᠷ᠎ᠠ ᠶᠢᠨ ᠱᠠᠰᠢᠨ ᠲᠡᠯᠭᠡᠷᠡᠭᠡ ᠦᠭᠡᠢ᠂ ᠲᠡᠷᠡ ᠦᠶ᠎ᠡ ᠳᠤ ᠶᠠᠮᠠᠷ ᠱᠠᠰᠢᠨ ᠳᠡᠯᠭᠡᠷᠡᠵᠦ ᠪᠠᠶᠢᠭᠰᠠᠨ ᠪᠤᠢ ᠭᠡᠪᠡᠯ ᠮᠤᠩᠭᠤᠯ ᠤᠨ ᠢᠵᠡᠭᠤᠷ ᠱᠠᠰᠢᠨ ᠪᠣᠯᠬᠤ ᠪᠦᠬᠡ ᠶᠢᠨ ᠱᠠᠰᠢᠨ ᠳᠡᠯᠭᠡᠷᠡᠵᠦ ᠪᠠᠶᠢᠭᠰᠠᠨ ᠪᠠᠶᠢᠨ᠎ᠠ ᠃ ᠭᠤᠷᠪᠠᠳᠤᠭᠠᠷ ᠲᠤ᠂ ᠳᠠᠯᠠᠢ ᠯᠠᠮᠠ ᠭᠡᠬᠦ ᠨᠡᠷ᠎ᠡ ᠶᠢ ᠠᠯᠲᠠᠨ ᠬᠠᠨ ᠦᠭᠬᠦᠭᠰᠡᠨ᠃ ᠬᠦᠮᠦᠰ ᠳᠠᠯᠠᠢ ᠯᠠᠮᠠ ᠭᠡᠵᠦ ᠶᠠᠷᠢᠵᠦ ᠯᠠ ᠪᠠᠶᠢᠨ᠎ᠠ᠂ ᠶᠠᠭᠠᠬᠢᠭᠠᠳ ᠲᠦᠪᠡᠳ ᠤᠨ ᠲᠡᠷᠡ ᠨᠢᠭᠡ ᠯᠠᠮᠠ ᠨᠢ ᠳᠠᠯᠠᠢ ᠯᠠᠮᠠ ᠭᠡᠳᠡᠭ ᠨᠡᠷᠡᠳᠡᠢ ᠪᠠᠶᠢᠳᠠᠭ ᠪᠤᠢ︖ ᠡᠨᠡ ᠨᠡᠷ᠎ᠡ ᠶᠢ ᠬᠡᠨ ᠦᠭᠬᠦᠭᠰᠡᠨ ᠪᠤᠢ︖ ᠡᠨᠡ ᠨᠡᠷ᠎ᠡ ᠶᠢ ᠬᠠᠷᠢᠨ ᠠᠯᠲᠠᠨ ᠬᠠᠨ ᠦᠭᠭᠦᠭᠰᠡᠨ ᠪᠠᠶᠢᠬᠤ ᠦᠭᠡᠢ ᠤᠤ︕ 1578 ᠣᠨ ᠤ 5 ᠰᠠᠷ᠎ᠠ ᠶᠢᠨ 15᠎ ᠤ ᠡᠳᠦᠷ ᠲᠦᠪᠡᠳ ᠤᠨ ᠽᠤᠩᠺᠠᠸ᠎ᠠ ᠶᠢᠨ ᠶᠡᠭᠡ ᠱᠠᠪᠢ ᠰᠤᠳᠨᠠᠮᠵᠠᠮᠰᠤ᠂ ᠠᠯᠲᠠᠨ ᠬᠠᠨ᠂ ᠵᠦᠩᠭᠡᠨ ᠬᠠᠲᠤᠨ ᠨᠠᠷ᠂ ᠮᠤᠩᠭᠤᠯ᠂ ᠬᠢᠲᠠᠳ᠂ ᠲᠦᠪᠡᠳ ᠤᠨ ᠬᠢᠵᠠᠭᠠᠷ ᠨᠡᠶᠢᠯᠡᠵᠦ ᠪᠦᠬᠦᠢ ᠣᠷᠣᠨ ᠳᠠᠬᠢ ᠴᠠᠪᠴᠢᠶᠠᠯ ᠰᠦᠮ᠎ᠡ ᠳᠤ ᠨᠢᠭᠤᠷ ᠤᠴᠠᠷᠠᠯᠳᠤᠨ ᠲᠡᠤᠬᠡᠳᠦ ᠠᠴᠢ ᠬᠤᠯᠪᠣᠭᠳᠠᠯ ᠪᠦᠬᠦᠢ ᠴᠢᠭᠤᠯᠭᠠᠨ ᠪᠣᠯᠵᠤ ᠠᠯᠲᠠᠨ ᠬᠠᠨ ᠰᠤᠳᠨᠠᠮᠵᠠᠮᠰᠤ ᠳᠤ ︽ᠬᠠᠮᠤᠭ ᠢ ᠮᠡᠳᠡᠭᠴᠢ ᠸᠴᠢᠷ ᠳᠠᠯᠠᠢ ᠯᠠᠮᠠ︾ ᠭᠡᠰᠡᠨ ᠴᠤᠯᠠ ᠡᠷᠭᠦᠪᠡ᠃ ᠡᠨᠡ ᠪᠣᠯ ᠳᠠᠷᠤᠢ ᠳᠠᠯᠠᠢ ᠯᠠᠮᠠ ᠭᠡᠰᠡᠨ ᠳᠠᠭᠤᠳᠠᠯᠭ᠎ᠠ ᠶᠢᠨ ᠵᠢᠩᠬᠢᠨᠢ ᠢᠷᠡᠯᠳᠡ ᠪᠣᠯᠣᠨ᠎ᠠ᠃ ᠰᠤᠳᠨᠠᠮᠵᠠᠮᠰᠤ ᠪᠣᠯ ᠳᠠᠷᠤᠢ ᠭᠤᠷᠪᠠᠳᠤᠭᠠᠷ ᠳᠦᠷᠢ ᠶᠢᠨ ᠳᠠᠯᠠᠢ ᠯᠠᠮᠠ᠂ ᠨᠢᠭᠡᠳᠦᠭᠡᠷ ᠬᠤᠶᠠᠳᠣᠭᠠᠷ ᠳᠦᠷᠢ ᠶᠢᠨ ᠳᠠᠯᠠᠢ ᠯᠠᠮᠠ ᠶᠢᠨ ᠴᠤᠯᠠ ᠶᠢ ᠰᠡᠭᠦᠯ ᠳᠤᠨᠢ ᠴᠢᠩ ᠤᠯᠤᠰ ᠤᠨ ᠡᠶᠡᠪᠡᠷ ᠵᠠᠰᠠᠭᠴᠢ ᠶᠢᠨ ᠠᠷᠪᠠᠳᠤᠭᠠᠷ ᠣᠨ ᠳᠤ ᠨᠡᠭᠡᠮᠵᠢᠯᠡᠨ ᠡᠷᠭᠦᠮᠵᠢᠯᠡᠵᠡᠢ᠃ ᠡᠭᠦᠨ ᠠᠴᠠ ᠬᠤᠶᠢᠰᠢ ᠳᠠᠯᠠᠢ ᠯᠠᠮᠠ ᠭᠡᠬᠦ ᠨᠡᠷ᠎ᠡ ᠪᠤᠢ ᠪᠣᠯᠣᠭᠰᠠᠨ ᠪᠠᠶᠢᠵᠠᠢ᠃ ᠲᠦᠷᠪᠡᠳᠦᠭᠡᠷ ᠲᠤ᠂ ᠠᠯᠳᠠᠨ ᠬᠠᠨ ᠤ ᠦᠶ᠎ᠡ ᠠᠴᠠ ᠡᠬᠢᠯᠡᠨ ᠮᠤᠩᠭᠤᠯ ᠣᠷᠣᠨ ᠳᠤ ᠪᠠᠶᠢᠰᠢᠩ ᠪᠣᠢ ᠪᠣᠯᠵᠤ᠂ ᠲᠠᠷᠢᠶᠠᠯᠠᠬᠤ ᠰᠤᠶᠤᠯ ᠮᠣᠩᠭᠤᠯ ᠣᠷᠣᠨ ᠳᠤ ᠣᠷᠣᠵᠤ ᠢᠷᠡᠭᠰᠡᠨ᠃ ᠬᠦᠬᠡᠬᠤᠲᠠ ᠶᠢᠨ ᠣᠷᠴᠢᠨ ᠲᠣᠭᠤᠷᠢᠨ ᠳᠤ ᠮᠠᠰᠢ ᠠᠷᠪᠢᠨ ᠬᠢᠲᠠᠳ ᠢᠷᠭᠡᠨ ᠢᠷᠡᠭᠡᠳ ᠲᠠᠷᠢᠶᠠᠯᠠᠩ ᠰᠤᠶᠤᠯ ᠳᠡᠯᠭᠡᠷᠡᠨ ᠮᠠᠰᠢ ᠠᠷᠪᠢᠨ ᠭᠡᠷ ᠪᠠᠶᠢᠰᠢᠩ ᠪᠠᠶᠢᠭᠤᠯᠵᠠᠢ᠃ ᠮᠠᠨ ᠤ ᠮᠡᠳᠡᠬᠦ ᠪᠠᠷ ᠮᠠᠬᠤᠸᠠᠷ ᠪᠠᠨ ︵ᠮᠠᠶᠢᠬᠠᠨ ᠪᠠᠶᠢᠰᠢᠩ︶᠂ ᠶᠢᠤ ᠶᠢᠤ ᠪᠠᠨ᠂ ᠭᠦᠨᠵᠢ ᠶᠢᠨ ᠪᠠᠶᠢᠰᠢᠩ᠂ ᠬᠠᠮᠠᠷ ᠪᠠᠶᠢᠰᠢᠩ ᠭᠡᠬᠦ ᠮᠡᠳᠦ ᠶᠢᠨ ᠡᠶᠢᠮᠦᠷᠬᠦᠦ ᠪᠠᠶᠢᠰᠢᠩ ᠨᠡᠷ᠎ᠡ ᠲᠠᠢ ᠭᠠᠵᠠᠷ ᠣᠳᠤ ᠲᠦᠷᠪᠡᠨ ᠵᠠᠭᠤ ᠭᠠᠷᠤᠢ ᠪᠠᠶᠢᠭ᠎ᠠ ᠭᠡᠨ᠎ᠡ᠃ ᠡᠨᠡ ᠪᠠᠶᠢᠰᠢᠩ ᠢ ᠬᠡᠨ ᠪᠠᠶᠢᠭᠤᠯᠤᠭᠰᠠᠨ ᠪᠣᠢ︖ ᠠᠯᠲᠠᠨ ᠬᠠᠨ ᠤ ᠦᠶ᠎ᠡ ᠳᠤ ᠲᠦᠮᠡᠳ ᠤᠨ ᠲᠠᠯ᠎ᠠ ᠳᠡᠭᠡᠷ᠎ᠡ ᠮᠠᠰᠢ ᠠᠷᠪᠢᠨ ᠪᠠᠶᠢᠰᠢᠩ ᠭᠡᠷ ᠢ ᠴᠠᠭᠠᠴᠢᠨ ᠬᠢᠳᠡᠳ ᠢᠷᠭᠡᠳ ᠪᠠᠶᠢᠭᠤᠯᠵᠠᠢ᠃ ᠲᠤᠬᠠᠢ ᠶᠢᠨ ᠦᠶ᠎ᠡ ᠳᠤ ᠮᠤᠩᠭᠤᠯᠴᠤᠳ ᠮᠤᠩᠭᠤᠯ ᠭᠡᠷ ᠲᠤ ᠰᠠᠭᠤᠵᠤ ᠪᠠᠶᠢᠭᠰᠠᠨ᠂ ᠡᠶᠢᠮᠦ ᠰᠢᠷᠤᠢ ᠪᠠᠷ ᠪᠠᠷᠢᠭᠰᠠᠨ ᠬᠠᠴᠢᠨ ᠶᠠᠭᠤᠮ᠎ᠠ ᠶᠢ ᠦᠵᠡᠭᠡᠳ ᠰᠣᠨᠢᠷᠬᠠᠨ᠎ᠠ ᠰᠢᠳᠡ᠃ ᠢᠩᠭᠢᠭᠡᠳ ᠮᠤᠩᠭᠤᠯᠴᠤᠳ ᠲᠡᠳᠡᠨ ᠠᠴᠠ ᠡᠨᠡ ᠣᠳᠤ ᠶᠠᠭᠤ ᠪᠤᠢ︖ ᠲᠠ ᠨᠠᠷ ᠴᠢᠨᠢ ᠶᠠᠭᠤᠨ ᠤ ᠬᠦᠮᠦᠨ ᠪᠤᠢ︖ ᠭᠡᠵᠦ ᠠᠰᠠᠭᠤᠪᠠᠯ ᠬᠢᠲᠠᠳ ᠤᠳ ᠬᠠᠷᠢᠭᠤ ᠳᠤᠨᠢ ᠪᠢᠳᠡ ᠪᠣᠯ ᠯᠤᠤ ᠪᠠᠶᠢᠰᠢᠩ ︵老百姓︶ ᠪᠠᠶᠢᠨ᠎ᠠ ᠭᠡᠳᠡᠭ ᠶᠤᠮ ᠪᠠᠶᠢᠨ᠎ᠠ᠃ ᠲᠡᠭᠡᠬᠦᠯᠡᠷ ᠮᠤᠩᠭᠤᠯᠴᠤᠳ᠂ ᠣᠤ᠂ ᠲᠡᠭᠡᠪᠡᠯ ᠡᠨᠡ ᠴᠢᠨᠢ ᠪᠠᠶᠢᠰᠢᠩ ᠭᠡᠵᠦ ᠤᠶᠢᠯᠠᠭᠠᠵᠤ ᠪᠠᠶᠢᠰᠢᠩ ᠭᠡᠳᠡᠭ ᠨᠡᠷ᠎ᠡ ᠢᠩᠭᠢᠵᠦ ᠢᠷᠡᠭᠰᠡᠨ ᠭᠡᠳᠡᠭ᠃ ᠲᠠᠪᠤᠳᠤᠭᠠᠷ ᠲᠤ᠂ ᠮᠢᠩ ᠤᠯᠤᠰ ᠤᠨ ᠴᠠᠭᠠᠨ ᠬᠡᠷᠡᠮ ᠨᠢ ᠠᠯᠲᠠᠨ ᠬᠠᠨ ᠲᠠᠢ ᠬᠤᠯᠪᠣᠭᠳᠠᠯ ᠲᠠᠢ᠃ ᠠᠮᠧᠷᠢᠺᠡ ᠶᠢᠨ ᠰᠠᠨᠰᠠᠷ ᠤᠨ ᠨᠢᠰᠦᠭᠴᠢ ᠰᠠᠨᠰᠠᠷ ᠳᠡᠭᠡᠷ᠎ᠡ ᠭᠠᠷᠤᠭᠠᠳ ᠳᠡᠯᠡᠭᠡᠢ ᠶᠢᠨ ᠪᠦᠮᠪᠦᠷᠴᠡᠭ ᠢ ᠠᠵᠢᠭᠯᠠᠬᠤ ᠳᠤ ᠬᠦᠮᠦᠨ ᠤ ᠭᠠᠷ ᠢᠶᠠᠷ ᠪᠦᠳᠦᠭᠡᠭᠰᠡᠨ ᠶᠠᠭᠤᠮ᠎ᠠ ᠭᠠᠭᠴᠠᠬᠠᠨ ᠯᠠ ᠬᠠᠷᠠᠭᠳᠠᠳᠠᠭ ᠶᠤᠮ ᠭᠡᠨ᠎ᠡ᠂ ᠡᠨᠡ ᠨᠢ ᠶᠠᠭᠤ ᠶᠤᠮ ᠪᠤᠢ︖ ᠭᠡᠪᠡᠯ ᠮᠢᠩ ᠤᠯᠤᠰ ᠤᠨ ᠴᠠᠭᠠᠨ ᠬᠡᠷᠡᠮ ᠶᠤᠮ ᠭᠡᠨ᠎ᠡ᠃ ᠡᠷᠲᠡ ᠦᠶ᠎ᠡ ᠳᠡᠭᠡᠨ ᠪᠠᠶᠢᠯᠳᠤᠭᠠᠨᠲᠤ ᠤᠯᠤᠰ ᠤᠨ ᠴᠠᠭᠠᠨ ᠬᠡᠷᠡᠮ ᠭᠡᠵᠦ ᠪᠠᠶᠢᠭᠰᠠᠨ᠂ ᠭᠡᠪᠡᠴᠦ ᠦᠨᠦᠳᠦᠷ ᠪᠣᠯᠬᠤ ᠳᠤ ᠪᠠᠶᠢᠯᠳᠤᠭᠠᠨᠲᠤ ᠤᠯᠤᠰ ᠤᠨ ᠴᠠᠭᠠᠨ ᠬᠡᠷᠡᠮ ᠤᠨ ᠣᠯᠠᠩᠬᠢ ᠨᠢ ᠨᠤᠷᠠᠵᠤ ᠡᠪᠳᠡᠷᠡᠭᠡᠳ ᠪᠠᠶᠢᠬᠤ ᠦᠭᠡᠢ ᠪᠣᠯᠵᠠᠢ᠃ ᠣᠳᠤ ᠦᠯᠡᠳᠡᠵᠦ ᠪᠠᠶᠢᠭ᠎ᠠ ᠨᠢ ᠪᠣᠯ ᠮᠢᠩ ᠤᠯᠤᠰ ᠤᠨ ᠴᠠᠭᠠᠨ ᠬᠡᠷᠡᠮ᠃ ᠲᠡᠭᠡᠪᠡᠯ ᠮᠢᠩ ᠤᠯᠤᠰ ᠤᠨ ᠴᠠᠭᠠᠨ ᠬᠡᠷᠡᠮ ᠢ ᠬᠡᠨ ᠪᠠᠶᠢᠭᠤᠯᠤᠭᠰᠠᠨ ᠪᠣᠢ︖ ᠶᠠᠷᠢᠶᠠᠨ ᠦᠭᠡᠢ ᠬᠢᠲᠠᠳ ᠬᠦᠮᠦᠨ ᠪᠠᠶᠢᠭᠤᠯᠤᠭᠰᠠᠨ᠃ ᠬᠢᠲᠠᠳ ᠤᠳ ᠶᠠᠭᠠᠬᠢᠭᠠᠳ ᠡᠨᠡ ᠬᠡᠷᠡᠮ ᠢ ᠪᠠᠶᠢᠭᠤᠯᠤᠭᠰᠠᠨ ᠪᠤᠢ ᠭᠡᠪᠡᠯ᠂ ᠶᠠᠷᠢᠶᠠᠨ ᠦᠭᠡᠢ ᠮᠤᠩᠭᠤᠯᠴᠤᠳ ᠢ ᠰᠡᠷᠭᠡᠶᠢᠯᠡᠬᠦ ᠶᠢᠨ ᠲᠦᠯᠦᠭᠡ᠃ ᠲᠡᠷᠡ ᠦᠶ᠎ᠡ ᠳᠤ ᠮᠤᠩᠭᠤᠯᠴᠤᠳ ᠳᠠᠩᠳᠠ ᠴᠠᠭᠠᠨ ᠬᠡᠷᠡᠮ ᠠᠴᠠ ᠡᠮᠦᠨᠡᠰᠢ ᠣᠷᠣᠵᠤ ᠬᠢᠲᠠᠳ ᠭᠠᠵᠠᠷ ᠢ ᠪᠤᠯᠢᠶᠠᠨ ᠳᠡᠭᠡᠷᠡᠮᠳᠡᠳᠡᠭ ᠪᠠᠶᠢᠭᠰᠠᠨ ᠤ ᠳᠣᠲᠣᠷ᠎ᠠ ᠬᠠᠮᠤᠭ ᠠᠴᠠ ᠭᠡᠴᠡᠭᠦᠣ ᠳᠣᠪᠳᠣᠯᠵᠤ ᠪᠠᠶᠢᠭᠰᠠᠨ ᠨᠢ ᠠᠯᠲᠠᠨ ᠬᠠᠨ᠃ ᠡᠶᠢᠮᠦ ᠤᠴᠢᠷ ᠠᠴᠠ ᠴᠠᠭᠠᠨ ᠬᠡᠷᠡᠮ ᠪᠠᠰᠠ ᠠᠯᠲᠠᠨ ᠬᠠᠭᠠᠨ ᠲᠠᠢ ᠶᠡᠭᠡ ᠬᠤᠯᠪᠣᠭᠳᠠᠯ ᠲᠠᠢ ᠭᠡᠵᠦ ᠬᠡᠯᠡᠵᠦ ᠪᠣᠯᠣᠨ᠎ᠠ᠃ ᠬᠤᠶᠠᠷ᠂ ᠠᠯᠲᠠᠨ ᠬᠠᠨ ᠤ ︽ᠫᠠᠰᠫᠤᠷᠲ︾ ᠠᠯᠲᠠᠨ ᠬᠠᠨ ᠢ ᠤᠯᠠᠮ ᠨᠢᠭᠡ ᠠᠯᠬᠤᠮ ᠲᠠᠨᠢᠭᠤᠯᠬᠤ ᠶᠢᠨ ᠲᠦᠯᠦᠭᠡ ᠬᠠᠮᠤᠭ ᠤᠨ ᠪᠠᠭᠴᠠᠬᠠᠨ ᠬᠡᠳᠦᠨ ᠦᠭᠡ ᠪᠠᠷ ᠶᠠᠭ ᠣᠳᠤ ᠶᠢᠨ ᠬᠤᠪᠢ ᠬᠦᠮᠦᠨ ᠤ ᠫᠠᠰᠫᠤᠷᠲ ᠤᠨ ᠶᠣᠰᠤᠭᠠᠷ ᠲᠡᠤᠬᠡᠨ ᠭᠠᠷᠤᠯ ᠢ ᠨᠢ ᠢᠩᠭᠢᠵᠦ ᠬᠤᠷᠢᠶᠠᠩᠭᠤᠶᠢᠯᠠᠵᠤ ᠪᠣᠯᠣᠨ᠎ᠠ᠃ 1. ᠨᠡᠷ᠎ᠡ᠂ ᠠᠯᠲᠠᠨ᠂ ᠡᠷᠭᠦᠮᠵᠢᠯᠡᠭᠰᠡᠨ ᠨᠡᠷ᠎ᠡ ᠲᠦᠰᠢᠶᠡᠳᠦ ᠠᠯᠲᠠᠨ ᠬᠠᠨ᠂ ᠠᠯᠲᠠᠨ ᠬᠠᠨ᠂ ᠠᠯᠲᠠᠨ ᠭᠡᠭᠡᠨ ᠬᠠᠨ᠂ ᠰᠢᠳᠦ ᠬᠠᠨ᠂ ᠰᠤᠤᠲᠦ ᠬᠠᠨ᠂ ᠴᠠᠭ ᠤᠨ ᠬᠦᠷᠳᠦᠨ ᠢ ᠡᠷᠭᠢᠬᠦᠯᠦᠭᠴᠢ ᠴᠡᠭᠷᠡᠸᠡᠷᠳᠢ ᠠᠯᠲᠠᠨ ᠬᠠᠨ᠂ ᠮᠢᠩᠭᠠᠨ ᠠᠯᠲᠠᠨ ᠬᠦᠷᠳᠦᠨ ᠢ ᠡᠷᠭᠢᠬᠦᠯᠦᠭᠴᠢ ᠴᠡᠭᠷᠡᠸᠡᠷᠳᠢ ᠠᠯᠲᠠᠨ ᠬᠠᠨ ᠭᠡᠬᠦ ᠮᠡᠳᠦ ᠶᠢᠨ ᠠᠷᠪᠢᠨ ᠴᠤᠯᠠ ᠲᠠᠢ ᠪᠠᠷ ᠪᠠᠷᠠᠬᠤ ᠦᠭᠡᠢ ᠬᠢᠲᠠᠳ ᠤᠨ ᠲᠠᠯ᠎ᠠ ᠠᠴᠠ ᠲᠡᠭᠦᠨ ᠳᠤ ᠪᠠᠰᠠ ᠱᠦᠨ ᠢ ᠸᠠᠩ ︵顺义王︶ ᠭᠡᠰᠡᠨ ᠨᠡᠷ᠎ᠡ ᠦᠭᠬᠦᠭᠰᠡᠨ ᠪᠠᠶᠢᠳᠠᠭ᠃ ᠬᠢᠲᠠᠳ᠂ ᠮᠤᠩᠭᠤᠯ᠂ ᠲᠦᠪᠡᠳ᠂ ᠳᠡᠯᠡᠬᠡᠢ ᠶᠢᠨ ᠡᠯ᠎ᠡ ᠭᠠᠵᠠᠷ ᠤᠨ ᠰᠣᠨᠢᠷᠬᠠᠯ ᠢ ᠶᠡᠭᠡ ᠲᠠᠳᠠᠵᠦ ᠪᠠᠶᠢᠭᠰᠠᠨ ᠬᠦᠮᠦᠨ ᠪᠠᠶᠢᠵᠠᠢ᠃ 2. ᠣᠪᠤᠭ᠂ ᠬᠡᠯᠡᠯᠭᠡᠨ ᠦᠭᠡᠢ ᠬᠢᠶᠠᠨ ᠪᠣᠷᠵᠢᠭᠢᠨ ᠣᠪᠤᠭᠳᠠᠨ᠂ ᠴᠢᠩᠭᠢᠰ ᠬᠠᠭᠠᠨ ᠤ 17 ᠳ᠋ᠤᠭᠠᠷ ᠦᠶ᠎ᠡ ᠶᠢᠨ ᠠᠬᠤᠯ ᠠᠴᠢ᠃ 3. ᠬᠦᠢᠰᠦ᠂ ᠡᠷᠡᠭᠲᠡᠢ᠃ 4. ᠦᠨᠳᠦᠰᠦᠳᠡᠨ᠂ ᠮᠤᠩᠭᠤᠯ ᠦᠨᠳᠦᠰᠦᠳᠡᠨ᠃ 5. ᠨᠠᠰᠤ᠂ 1507 ᠣᠨ ᠳᠤ ᠲᠦᠷᠦᠵᠦ᠂ 1582 ᠣᠨ ᠳᠤ ᠨᠠᠰᠤ ᠪᠠᠷᠠᠭᠰᠠᠨ᠂ ᠳᠠᠯᠠᠨ ᠲᠠᠪᠤᠨ ᠨᠠᠰᠤᠯᠠᠭᠰᠠᠨ᠃ ᠭᠡᠪᠡᠴᠦ ᠵᠠᠷᠢᠮ ᠡᠷᠳᠡᠮᠳᠡᠳ 1508 ᠣᠨ ᠳᠤ ᠮᠡᠨᠳᠦᠯᠡᠭᠰᠡᠨ ᠭᠡᠵᠦ ᠦᠵᠡᠵᠦ ᠪᠠᠶᠢᠨ᠎ᠠ᠃ 6. ᠲᠦᠷᠦᠭᠰᠡᠨ ᠨᠤᠲᠤᠭ᠂ ᠠᠯᠲᠠᠨ ᠬᠠᠨ ᠤ ᠤᠤᠭᠤᠭᠰᠠᠨ ᠤᠰᠤ ᠤᠨᠠᠭᠰᠠᠨ ᠰᠢᠷᠦᠢ ᠪᠣᠯ ᠦᠨᠦᠲᠦᠷ ᠤᠨ ᠴᠠᠬᠠᠷ ᠤᠨ ᠬᠦᠬᠡ ᠳᠡᠷᠡᠰᠦ ᠭᠡᠰᠡᠨ ᠭᠠᠵᠠᠷ ᠪᠣᠯᠣᠨ᠎ᠠ᠃ 7. ᠲᠤᠬᠠᠶᠢᠯᠠᠭᠰᠠᠨ ᠠᠵᠢᠯ᠂ ᠬᠠᠨ᠂ ᠳᠠᠷᠤᠢ ᠮᠤᠩᠭᠤᠯ ᠤᠨ ᠪᠠᠷᠠᠭᠤᠨ ᠭᠤᠷᠪᠠᠨ ᠲᠦᠮᠡᠨ ᠤ ᠠᠷᠪᠠᠨ ᠬᠤᠶᠠᠷ ᠣᠲᠤᠭ ᠲᠦᠮᠡᠳ ᠤᠨ ᠬᠠᠨ᠃ ᠮᠤᠩᠭᠤᠯᠴᠤᠳ ᠪᠣᠯᠣᠨ ᠬᠢᠲᠠᠳ ᠤᠳ ᠲᠤ ᠬᠠᠭᠠᠨ ᠪᠠ ᠬᠠᠨ ᠤ ᠲᠤᠬᠠᠢ ᠲᠤᠰᠬᠠᠢ ᠬᠡᠯᠡᠯᠭᠡ ᠪᠠᠶᠢᠳᠠᠭ᠂ ᠮᠠᠨ ᠤ ᠮᠤᠩᠭᠤᠯᠴᠤᠳ ᠤᠨ ᠶᠠᠷᠢᠳᠠᠭ ᠬᠠᠭᠠᠨ ᠭᠡᠳᠡᠭ ᠪᠣᠯ ᠴᠢᠩᠭᠢᠰ ᠬᠠᠭᠠᠨ ᠠᠴᠠ ᠯᠢᠭᠳᠡᠨ ᠬᠤᠳᠤᠭᠳᠤ ᠬᠠᠭᠠᠨ ᠬᠦᠷᠲᠡᠯᠡᠬᠢ ︵1206 — 1634 ᠬᠦᠷᠳᠡᠯ᠎ᠠ︶ ᠮᠠᠨ ᠤ ᠮᠤᠩᠭᠤᠯ ᠤᠨ 36 ᠲᠣᠮᠣ ᠬᠠᠭᠠᠨ ᠢ ᠬᠡᠯᠡᠵᠦ ᠪᠣᠢ᠃ ᠲᠡᠭᠡᠪᠡᠯ ᠠᠯᠲᠠᠨ᠂ ᠬᠠᠭᠠᠨ ᠮᠦᠨ ᠤᠤ ᠪᠢᠰᠢ ᠤᠤ︖ ᠲᠡᠷᠡ ᠪᠣᠯ ᠵᠦᠪᠬᠡᠨ ᠬᠠᠨ᠂ ᠬᠠᠨ ᠨᠢ ᠬᠠᠮᠢᠭᠠᠬᠢ ᠶᠢᠨ ᠬᠠᠨ ᠪᠣᠢ︖ ᠠᠯᠲᠠᠨ ᠬᠠᠨ ᠪᠣᠯ 12 ᠣᠲᠤᠭ ᠲᠦᠮᠡᠳ ᠤᠨ ᠬᠠᠨ᠂ ᠦᠭᠡᠷ᠎ᠡ ᠪᠠᠷ ᠬᠡᠯᠡᠪᠡᠯ ᠦᠨᠦᠳᠦᠷ ᠤᠨ ᠬᠦᠬᠡᠬᠤᠳᠠ ᠶᠢᠨ ᠣᠷᠴᠢᠮ᠂ ᠲᠦᠮᠡᠳ ᠵᠡᠬᠦᠨ ᠬᠤᠰᠢᠭᠤ᠂ ᠲᠦᠮᠡᠳ ᠪᠠᠷᠠᠭᠤᠨ ᠬᠤᠰᠢᠭᠤ᠂ ᠣᠳᠤ ᠶᠢᠨ ᠪᠢᠳᠡᠨ ᠤ ᠤᠬᠠᠭᠳᠠᠬᠤᠨ ᠳᠣᠲᠣᠷᠠᠬᠢ ᠡᠨᠡ ᠨᠢᠭᠡ ᠭᠡᠰᠡᠭ ᠭᠠᠵᠠᠷ ᠤᠨ ᠬᠠᠨ᠂ ᠭᠡᠪᠡᠴᠦ ᠲᠤᠬᠠᠢ ᠶᠢᠨ ᠦᠶ᠎ᠡ ᠶᠢᠨ ᠲᠦᠮᠡᠳ ᠭᠡᠳᠡᠭ ᠪᠣᠯ ᠡᠶᠢᠮᠦ ᠵᠢᠭᠠᠬᠠᠨ ᠭᠠᠵᠠᠷ ᠪᠢᠰᠢ᠂ ᠲᠡᠭᠦᠨ ᠤ ᠨᠤᠲᠤᠭ ᠳᠡᠪᠢᠰᠭᠡᠷ ᠡᠮᠦᠨᠡᠰᠢ ᠪᠠᠨ ᠴᠠᠭᠠᠨ ᠬᠡᠷᠡᠮ ᠬᠤᠶᠢᠰᠢ ᠪᠠᠨ ᠪᠣᠯ ᠮᠤᠩᠭᠤᠯ ᠤᠯᠤᠰ ᠤᠨ ᠬᠠᠩᠭᠠᠢ ᠨᠢᠷᠤᠭᠤ᠂ ᠵᠡᠭᠦᠨᠰᠢ ᠪᠠᠨ ᠯᠢᠶᠤᠤᠳᠦ᠋ᠩ ᠬᠦᠷᠴᠦ᠂ ᠪᠠᠷᠠᠭᠤᠨᠰᠢ ᠪᠠᠨ ᠪᠣᠯ ᠲᠦᠪ ᠠᠽᠢᠶ᠎ᠠ᠂ ᠬᠦᠬᠡᠨᠠᠭᠤᠷ ᠲᠦᠪᠡᠳ ᠤᠨ ᠦᠨᠳᠦᠷᠯᠢᠭ ᠬᠦᠷᠴᠦ ᠪᠠᠶᠢᠭᠰᠠᠨ᠂ ᠡᠶᠢᠮᠦᠷᠭᠦᠣ ᠲᠣᠮᠣ ᠭᠠᠵᠠᠷ ᠣᠷᠣᠨ ᠢ ᠡᠷᠬᠡᠰᠢᠶᠡᠵᠦ ᠪᠠᠶᠢᠭᠰᠠᠨ ᠬᠠᠨ ᠪᠣᠯᠣᠨ᠎ᠠ᠃ 8. ᠳᠤᠷ᠎ᠠ ᠰᠣᠨᠢᠷᠬᠠᠯ᠂ ᠤᠯᠤᠰ ᠲᠦᠷᠦ᠂ ᠰᠡᠭᠦᠯ ᠤᠨ ᠦᠶ᠎ᠡ ᠳᠤ ᠰᠢᠷ᠎ᠠ ᠶᠢᠨ ᠱᠠᠰᠢᠨ ᠳᠤ ᠮᠠᠰᠢ ᠶᠡᠭᠡ ᠰᠣᠨᠢᠷᠬᠠᠯ ᠲᠠᠢ ᠪᠣᠯᠣᠭᠰᠠᠨ᠃ 9. ᠨᠡᠶᠢᠭᠡᠮ ᠤᠨ ᠬᠠᠷᠢᠴᠠᠭ᠎ᠠ᠂ ᠲᠡᠭᠦᠨ ᠤ ᠡᠷᠦᠭᠡ ᠠᠮᠠ ᠶᠢᠨ ᠳᠠᠩᠰᠠ ᠶᠢ ᠳᠡᠯᠭᠡᠨ ᠦᠵᠡᠪᠡᠯ ᠠᠯᠲᠠᠨ ᠬᠠᠨ ᠶᠠᠮᠠᠷ ᠬᠦᠮᠦᠨ ᠭᠡᠰᠡᠨ ᠢ ᠪᠦᠷ ᠮᠡᠳᠡᠴᠢᠬᠡᠨ᠎ᠡ᠃ ᠲᠡᠭᠦᠨ ᠤ ᠡᠪᠦᠭᠡ ᠡᠴᠢᠭᠡ ᠨᠢ ᠪᠣᠯ ᠪᠠᠲᠤᠮᠦ᠋ᠩᠬᠡ ᠳᠠᠶᠠᠨ ᠬᠠᠭᠠᠨ᠂ ᠡᠮᠡᠭᠡ ᠡᠵᠢ ᠨᠢ ᠮᠠᠨᠳᠤᠬᠠᠢ ᠰᠡᠴᠡᠨ ᠬᠠᠲᠤᠨ᠂ ᠦᠪᠡᠷ ᠤᠨ ᠡᠴᠢᠭᠡ ᠨᠢ ᠪᠣᠯ ᠪᠠᠷᠰᠪᠣᠯᠣᠳ ᠵᠢᠨᠤᠩ᠂ ᠠᠪᠠᠭᠠᠢ ᠨᠢ ᠪᠣᠯ ᠰᠠᠨ ᠨᠢᠶᠠᠩᠽᠢ ︵ᠵᠦᠩᠭᠡᠨ ᠬᠠᠳᠤᠨ︶᠂ ᠨᠢᠭᠡ ᠠᠴᠢ ᠬᠦᠤ ᠨᠢ ᠪᠣᠯ ᠲᠦᠷᠪᠡᠳᠦᠭᠡᠷ ᠳᠦᠷᠢ ᠶᠢᠨ ᠳᠠᠯᠠᠢ ᠯᠠᠮᠠ᠂ ᠪᠠᠰᠠ ᠨᠢᠭᠡ ᠠᠴᠢ ᠬᠦᠤ ᠨᠢ ᠪᠣᠯ ᠬᠤᠳᠤᠭᠳᠠᠢ ᠰᠠᠴᠡᠨ ᠬᠤᠩ ᠲᠠᠶᠢᠵᠢ᠂ ᠦᠪᠡᠷ ᠤᠨ ᠬᠦᠤ ᠨᠢ ᠪᠣᠯ ᠲᠦᠭᠦᠷᠡᠩᠲᠡᠮᠦᠷ ᠬᠤᠩ ᠲᠠᠶᠢᠵᠢ᠃ ᠠᠯᠲᠠᠨ ᠬᠠᠨ ᠠᠬ᠎ᠠ ᠲᠡᠭᠦᠤ ᠳᠣᠯᠣᠭᠤᠯᠠ ᠪᠠᠶᠢᠵᠤ᠂ ᠲᠡᠭᠦᠨ ᠤ ᠡᠬᠡ 1807 ᠣᠨ ᠤ 12 ᠰᠠᠷ᠎ᠠ ᠶᠢᠨ 30᠎ ᠤ ᠡᠳᠦᠷ ᠨᠢᠭᠡ ᠬᠦᠪᠡᠭᠦᠨ ᠨᠢᠭᠡ ᠦᠬᠢᠨ ᠢ ᠢᠬᠡᠷ᠎ᠡ ᠲᠦᠷᠦᠭᠰᠡᠨ ᠢᠶᠠᠨ ︽ᠡᠩᠬᠡ ᠠᠮᠤᠭᠤᠯᠠᠩ ᠲᠦᠷᠦ ᠶᠣᠰᠤᠨ ᠢ ᠪᠠᠷᠢᠳᠤᠭᠠᠢ︾ ᠭᠡᠮᠡᠨ ᠵᠦᠩᠨᠡᠵᠦ᠂ ᠦᠬᠢᠨ ᠢ ᠪᠠᠨ ᠡᠷᠳᠡᠨᠢ ᠮᠦᠩᠭᠦᠨ ᠭᠡᠵᠦ᠂ ᠬᠦᠪᠡᠭᠦᠨ ᠦᠷ᠎ᠡ ᠪᠠᠨ ᠡᠷᠳᠡᠨᠢ ᠠᠯᠲᠠᠨ ᠭᠡᠮᠡᠨ ᠨᠡᠷᠡᠶᠢᠳᠦᠭᠰᠡᠨ ᠪᠠᠶᠢᠨ᠎ᠠ᠃ ᠠᠯᠲᠠᠨ ᠬᠠᠨ ᠢ ᠭᠤᠷᠪᠠᠨ ᠨᠠᠰᠤᠲᠠᠢ ᠳᠤᠨᠢ ︽ᠣᠷᠳᠤᠰ ᠤᠨ ᠤᠷᠪᠠᠯᠭᠠᠨ︾ ᠭᠠᠷᠴᠤ᠂ ᠲᠡᠭᠦᠨ ᠤ ᠡᠴᠢᠭᠡ ᠪᠠᠷᠰᠪᠣᠯᠣᠳ ᠠᠶᠤᠨ ᠰᠦᠷᠲᠡᠵᠦ᠂ ᠦᠪᠡᠷ ᠤᠨ ᠡᠴᠢᠭᠡ ᠳᠠᠶᠠᠨ ᠤ ᠪᠠᠨ ᠳᠡᠷᠭᠡᠳᠡ ᠳᠤᠲᠠᠭᠠᠵᠤ ᠣᠴᠢᠭᠠᠳ᠂ ᠨᠢᠯᠬ᠎ᠠ ᠪᠠᠭ᠎ᠠ ᠠᠯᠲᠠᠨ ᠢ ᠪᠤᠰᠤᠳ ᠲᠤ ᠦᠭᠴᠦ ᠠᠰᠠᠷᠠᠭᠤᠯᠪᠠ ᠃ ᠬᠤᠵᠢᠮ ᠨᠢ 1510 ᠣᠨ ᠳᠤ ᠠᠯᠲᠠᠨ ᠢ ᠡᠪᠦᠭᠡ ᠳᠠᠶᠠᠨ ᠬᠠᠭᠠᠨ ᠳᠤᠨᠢ ᠬᠦᠷᠭᠡᠵᠦ ᠦᠭᠭᠦᠭᠰᠡᠨ ᠪᠠᠶᠢᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠠᠬ᠎ᠠ ᠬᠦᠨᠪᠢᠯᠢᠭ ᠢᠶᠠᠨ ᠳᠠᠭᠠᠵᠤ᠂ ᠲᠦᠷᠦ ᠶᠢᠨ ᠦᠢᠯᠡ ᠳᠤ ᠣᠷᠣᠯᠴᠠᠵᠤ ᠪᠠᠶᠢᠯ᠎ᠠ᠃ 1528 ᠣᠨ ᠳᠤ ᠡᠴᠢᠭᠡ ᠪᠠᠷᠰᠪᠣᠯᠣᠳ ᠨᠢ ᠨᠠᠰᠤ ᠪᠠᠷᠠᠵᠦ᠂ ᠠᠯᠲᠠᠨ ᠲᠦᠮᠡᠳ ᠲᠦᠮᠡᠨ ᠤ ᠴᠡᠷᠢᠭ ᠵᠠᠰᠠᠭ ᠤᠨ ᠶᠡᠭᠡ ᠡᠷᠬᠡ ᠶᠢ ᠪᠠᠷᠢᠵᠦ᠂ 1542 ᠣᠨ ᠳᠤ ᠠᠬ᠎ᠠ ᠭᠦᠨᠪᠢᠯᠢᠭ ᠨᠢ ᠴᠤ ᠨᠠᠰᠤ ᠪᠠᠷᠠᠭᠰᠠᠨ ᠠᠴᠠ ᠬᠤᠶᠢᠰᠢ ᠪᠠᠷᠠᠭᠤᠨ ᠭᠤᠷᠪᠠᠨ ᠲᠦᠮᠡᠨ ᠤ ᠭᠤᠣᠯ ᠡᠷᠬᠡ ᠲᠡᠭᠦᠨ ᠤ ᠭᠠᠷ ᠲᠤ ᠣᠷᠣᠭᠰᠠᠨ ᠪᠠᠶᠢᠨ᠎ᠠ᠃ ᠠᠯᠲᠠᠨ ᠬᠠᠨ ᠪᠣᠯ ᠤᠮᠠᠷᠠᠲᠤ ᠶᠣᠸᠠᠨ ᠤ ᠳᠤᠮᠳᠠᠴᠢ ᠦᠶ᠎ᠡ ᠳᠠᠬᠢ ᠨᠢᠭᠡ ᠵᠦᠭ ᠢ ᠡᠵᠡᠷᠭᠡᠭᠰᠡᠨ ᠣᠷᠣᠨ ᠨᠤᠲᠤᠭ ᠤᠨ ᠡᠷᠡᠮᠡᠬᠡᠢ ᠡᠵᠡᠨ ᠶᠤᠮ᠃ ᠲᠡᠷᠡ ᠪᠠᠷᠠᠭᠤᠨ ᠭᠠᠷᠤᠨ 12 ᠲᠦᠮᠡᠳ ᠢ ᠵᠢᠷᠠᠭᠠᠳ ᠣᠨ ᠨᠣᠶᠠᠷᠬᠠᠵᠠᠢ᠃ ᠲᠡᠭᠦᠨ ᠤ ᠨᠢᠭᠡ ᠨᠠᠰᠤᠨ ᠤ ᠦᠢᠯᠡ ᠠᠵᠢᠯᠯᠠᠭ᠎ᠠ ᠨᠢ ᠳᠠᠶᠠᠨ ᠬᠠᠭᠠᠨ ᠠᠴᠠ ᠬᠤᠶᠢᠰᠢᠬᠢ ᠬᠡᠳᠦᠨ ᠦᠶ᠎ᠡ ᠶᠢᠨ ᠬᠠᠭᠠᠳ ᠤᠨ ᠲᠦᠷᠦ ᠲᠠᠢ ᠬᠤᠯᠪᠤᠭᠳᠠᠳᠠᠭ᠃ ᠠᠯᠲᠠᠨ ᠬᠠᠨ ᠪᠣᠯ ᠮᠠᠨ ᠤ ᠮᠣᠩᠭᠤᠯ ᠤᠨ ᠲᠡᠤᠬᠡᠨ ᠳᠡᠭᠡᠷ᠎ᠡ ᠲᠤᠩ ᠶᠡᠭᠡ ᠨᠡᠷ᠎ᠡ ᠴᠤᠯᠠ ᠲᠠᠢ᠂ ᠳᠡᠯᠡᠬᠡᠢ ᠶᠢᠨ ᠲᠡᠤᠬᠡᠨ ᠳᠤ᠂ ᠲᠤᠮᠳᠠᠳᠤ ᠤᠯᠤᠰ ᠤᠨ ᠲᠡᠤᠭᠡᠨ ᠳᠤ ᠪᠦᠷ ᠲᠤᠩ ᠶᠡᠭᠡ ᠨᠦᠯᠦᠭᠡ ᠲᠠᠢ ᠬᠦᠮᠦᠨ ᠪᠣᠯᠣᠨ᠎ᠠ᠃
 
ᠢᠷᠡᠯᠲᠡ᠄ ᠪᠤᠭᠤᠲᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1