ᠲᠡᠭᠡᠪᠡᠯ ᠵᠢᠷᠭᠤᠭᠠᠨ ᠲᠦᠮᠡᠨ ᠤ ᠳᠣᠲᠣᠷ᠎ᠠ ᠠᠴᠠ ᠲᠦᠮᠡᠳ ᠲᠦᠮᠡᠨ ᠶᠠᠭᠠᠬᠢᠵᠤ ᠦᠷᠨᠢᠨ ᠮᠠᠨᠳᠤᠭᠰᠠᠨ | ᠪᠤᠢ᠃ ᠳᠠᠶᠠᠨ ᠬᠠᠭᠠᠨ 1510 ᠣᠨ ᠳᠤ ᠵᠢᠷᠭᠤᠭᠠᠨ ᠲᠦᠮᠡᠨ ᠢ ᠨᠢᠭᠡᠳᠭᠡᠬᠦ ᠬᠠᠮᠤᠭ ᠤᠨ ᠡᠴᠦᠰ ᠲᠠᠶᠢᠨ ᠢᠶᠠᠷ | ᠪᠠᠷᠠᠭᠤᠨ ᠭᠤᠷᠪᠠᠨ ᠲᠦᠮᠡᠨ ᠢ ᠨᠢᠭᠡᠳᠭᠡᠵᠦ ᠠᠪᠴᠠᠢ᠃ ᠨᠢᠭᠡᠳᠭᠡᠵᠦ ᠠᠪᠤᠭᠰᠠᠨ ᠤ ᠳᠠᠷᠠᠭ᠎ᠠ ᠪᠠᠷᠠᠭᠤᠨ ᠭᠤᠷᠪᠠᠨ | ᠲᠦᠮᠡᠨ ᠢ ᠪᠠᠷᠤᠭ ᠪᠦᠬᠦᠯᠢ ᠪᠠᠷ ᠨᠢ ᠭᠤᠷᠪᠠᠳᠣᠭᠠᠷ ᠬᠦᠦ ᠪᠠᠷᠰᠪᠣᠯᠣᠳ ᠲᠠᠭᠠᠨ ᠦᠭᠴᠡᠢ᠃ ᠪᠠᠷᠰᠪᠣᠯᠣᠳ ᠤᠨ | ᠵᠠᠬᠢᠷᠤᠭᠰᠠᠨ ᠪᠠᠷᠠᠭᠤᠨ ᠲᠦᠮᠡᠨ ᠬᠦᠴᠦᠷᠬᠡᠭ ᠪᠠᠶᠢᠭᠰᠠᠨ ᠪᠣᠯᠬᠤᠷ ᠳᠠᠶᠠᠨ ᠬᠠᠭᠠᠨ ᠨᠠᠰᠤ ᠪᠠᠷᠠᠭᠰᠠᠨ ᠤ ᠰᠡᠭᠦᠯᠡᠷ | ᠪᠠᠷᠰᠪᠣᠯᠣᠳ ᠨᠢᠭᠡᠨ ᠦᠶ᠎ᠡ ᠮᠤᠩᠭᠤᠯ ᠤᠨ ᠶᠡᠭᠡ ᠬᠠᠭᠠᠨ ᠣᠷᠣᠨ ᠳᠤ ᠰᠠᠭᠤᠭᠰᠠᠨ ᠪᠠᠶᠢᠨ᠎ᠠ᠃ ᠪᠠᠷᠰᠪᠣᠯᠣᠳ ᠨᠠᠰᠤ | ᠪᠠᠷᠠᠭᠰᠠᠨ ᠤ ᠳᠠᠷᠠᠭ᠎ᠠ ᠲᠡᠭᠦᠨ ᠤ ᠬᠦᠦ ᠬᠦᠨᠪᠢᠯᠢᠭ ᠮᠡᠷᠭᠡᠨ ᠵᠢᠨᠦᠩ ᠬᠡᠳᠦᠨ ᠵᠢᠯ ᠵᠢᠨᠦᠩ ᠰᠠᠭᠤᠵᠤ ᠪᠠᠰᠠ ᠶᠡᠭᠡ | ᠬᠦᠴᠦᠷᠭᠡᠭᠵᠢᠵᠦ ᠪᠠᠶᠢᠭᠰᠠᠨ᠃ ᠬᠦᠨᠪᠢᠯᠢᠭ ᠮᠡᠷᠭᠡᠨ ᠵᠢᠨᠦᠩ ᠨᠠᠰᠤ ᠪᠠᠷᠠᠭᠰᠠᠨ ᠤ ᠳᠠᠷᠠᠭ᠎ᠠ ᠲᠡᠭᠦᠨ ᠤ ᠳᠡᠭᠦᠦ ᠠᠯᠲᠠᠨ | ᠬᠦᠴᠦᠷᠭᠡᠭᠵᠢᠭᠰᠡᠨ ᠪᠠᠶᠢᠨ᠎ᠠ᠃ ᠠᠯᠲᠠᠨ ᠬᠠᠨ ᠪᠣᠯ ᠪᠠᠷᠰᠪᠣᠯᠣᠳ ᠵᠢᠨᠦᠩ ᠤᠨ ᠬᠤᠶᠠᠳᠤᠭᠠᠷ ᠬᠦᠦ᠃ ᠪᠠᠷᠰᠪᠣᠯᠣᠳ | ᠶᠡᠭᠡ ᠬᠦᠦ ᠬᠦᠨᠪᠢᠯᠢᠭ ᠲᠡᠭᠡᠨ ᠣᠷᠳᠣᠰ ᠢ ᠦᠭᠴᠦ᠂ ᠬᠤᠶᠠᠳᠣᠭᠠᠷ ᠬᠦᠦ ᠠᠯᠲᠠᠨ ᠳᠠᠭᠠᠨ ᠲᠦᠮᠡᠳ ᠢ ᠦᠭᠬᠦᠨ᠂ | ᠲᠦᠷᠪᠡᠳᠦᠭᠡᠷ ᠬᠦᠦ ᠳᠡᠭᠡᠨ ᠶᠦᠩᠰᠢᠶᠠᠪᠤ ᠲᠦᠮᠡᠨ ᠢ ᠦᠭᠬᠦᠬᠡᠳ᠂ ᠦᠭᠡᠷ᠎ᠡ ᠬᠡᠤᠬᠡᠳ ᠲᠡᠭᠡᠨ ᠡᠳᠡᠨᠦᠰ ᠤᠨ | ᠲᠣᠣᠷᠠᠬᠢ ᠵᠢᠵᠢᠭ ᠠᠶᠢᠮᠠᠭ ᠤᠳ ᠢ ᠵᠠᠬᠢᠷᠠᠭᠤᠯᠤᠭᠰᠠᠨ ᠪᠠᠶᠢᠨ᠎ᠠ᠃ ᠬᠦᠨᠪᠢᠯᠢᠭ ᠮᠡᠷᠭᠡᠨ ᠵᠢᠨᠦᠩ ᠦᠩᠭᠡᠷᠡᠭᠰᠡᠨ ᠤ | ᠳᠠᠷᠠᠭ᠎ᠠ ᠲᠦᠮᠡᠳ ᠲᠦᠮᠡᠨ ᠢ ᠵᠠᠬᠢᠷᠴᠤ ᠪᠠᠶᠢᠭᠰᠠᠨ᠂ ᠲᠤᠷᠰᠢᠯᠭ᠎ᠠ ᠶᠡᠭᠡ ᠲᠠᠢ᠂ ᠭᠠᠷᠮᠠᠭᠠᠢ ᠤᠯᠤᠰ ᠲᠦᠷᠦᠴᠢ | ᠠᠯᠲᠠᠨ ᠬᠠᠨ ᠮᠢᠩᠭ᠎ᠠ ᠲᠠᠪᠤᠨ ᠵᠠᠭᠤ ᠬᠤᠷᠢ ᠭᠤᠴᠢᠭᠠᠳ ᠣᠨ ᠤ ᠦᠶ᠎ᠡ ᠠᠴᠠ ᠪᠠᠷᠠᠭᠤᠨ ᠭᠤᠷᠪᠠᠨ ᠲᠦᠮᠡᠨ | ᠮᠠᠨᠳᠤᠬᠤ ᠳᠤ ᠴᠢᠬᠤᠯᠠ ᠨᠦᠭᠦᠴᠡᠯ ᠪᠣᠯᠣᠭᠰᠠᠨ ᠪᠠᠶᠢᠨ᠎ᠠ᠃ ᠢᠩᠭᠢᠭᠡᠳ ᠠᠯᠲᠠᠨ ᠬᠠᠨ ᠬᠡᠳᠦᠨ ᠠᠷᠪᠠᠨ ᠵᠢᠯ ᠤᠨ | ᠴᠢᠷᠮᠠᠶᠢᠯᠭ᠎ᠠ ᠪᠠᠷ ᠢᠶᠠᠨ ᠲᠦᠮᠡᠳ ᠲᠦᠮᠡᠨ ᠢ ᠲᠦᠢᠯ ᠤᠨ ᠶᠡᠭᠡ ᠪᠠᠷ ᠬᠦᠴᠦᠷᠭᠡᠭᠵᠢᠬᠦᠯᠵᠡᠢ᠃ ᠡᠶᠢᠮᠦ ᠠᠴᠠ ᠲᠦᠮᠡᠳ | ᠲᠦᠮᠡᠨ ᠤ ᠮᠠᠨᠳᠤᠵᠤ ᠡᠬᠢᠯᠡᠭᠰᠡᠨ ᠨᠢ ᠠᠯᠲᠠᠨ ᠬᠠᠨ ᠤ ᠦᠢᠯᠡ ᠠᠵᠢᠯᠯᠠᠭ᠎ᠠ ᠲᠠᠢ ᠰᠠᠯᠤᠰᠢ ᠦᠭᠡᠢ ᠨᠢᠭᠲᠠ | ᠬᠠᠷᠢᠴᠠᠭ᠎ᠠ ᠲᠠᠢ᠃ ᠡᠳᠡᠭᠡᠷ ᠦᠢᠯᠡ ᠠᠵᠢᠯᠯᠠᠭ᠎ᠠ ᠳᠤ ᠳᠤᠷᠠᠳᠬᠤ ᠴᠢᠬᠤᠯᠠᠲᠠᠢ ᠬᠡᠳᠦᠨ ᠶᠡᠭᠡ ᠦᠢᠯᠡ ᠬᠡᠷᠡᠭ ᠭᠡᠪᠡᠯ᠄ | ᠨᠢᠭᠡ ᠳᠤ᠂ ᠤᠷᠢᠶᠠᠩᠬᠠᠢ ᠲᠦᠮᠡᠨ ᠢ ᠤᠰᠠᠳᠬᠠᠵᠤ᠂ ᠡᠯ᠎ᠡ ᠲᠦᠮᠡᠨ ᠬᠤᠪᠢᠶᠠᠯᠴᠠᠵᠤ ᠠᠪᠤᠭᠰᠠᠨ᠂ ᠡᠨᠡ ᠳᠠᠶᠢᠨ ᠳᠤ | ᠠᠯᠲᠠᠨ ᠬᠠᠨ ᠭᠠᠪᠢᠶ᠎ᠠ ᠪᠠᠶᠢᠭᠤᠯᠤᠭᠰᠠᠨ ᠢᠶᠠᠷ ᠰᠤᠤᠲᠤ ᠬᠠᠨ ᠭᠡᠰᠡᠨ ᠴᠤᠯᠠ ᠪᠠᠷ ᠰᠣᠶᠣᠷᠬᠠᠭᠤᠯᠵᠤ ᠪᠠᠶᠢᠭᠰᠠᠨ᠃ | ᠬᠤᠶᠠᠷ ᠲᠤ᠂ ᠦᠯᠭᠡ ᠲᠦᠮᠡᠨ ᠢ ᠡᠵᠡᠯᠡᠵᠦ᠂ ᠬᠠᠯᠬ᠎ᠠ ᠲᠦᠮᠡᠨ ᠲᠠᠢ ᠨᠠᠶᠢᠷᠰᠠᠭ ᠬᠠᠷᠢᠴᠠᠭ᠎ᠠ ᠪᠠᠶᠢᠭᠤᠯᠤᠨ᠂ | ᠬᠦᠬᠡᠨᠠᠭᠤᠷ ᠲᠤ ᠴᠡᠷᠢᠭᠯᠡᠭᠰᠡᠨ᠃ ᠲᠡᠭᠡᠭᠡᠳ ᠲᠡᠷᠡ ᠦᠶ᠎ᠡ ᠶᠢᠨ ᠤᠮᠠᠷᠠᠲᠤ ᠶᠤᠸᠠᠨ ᠤᠯᠤᠰ ᠤᠨ ᠬᠠᠭᠠᠨ ᠪᠤᠳᠢ | ᠠᠯᠠᠭ ᠠᠴᠠ ᠲᠦᠰᠢᠶᠡᠲᠦ ᠰᠡᠴᠡᠨ ᠬᠠᠨ ᠭᠡᠰᠡᠨ ᠴᠤᠯᠠ ᠣᠯᠣᠭᠰᠠᠨ ᠪᠠᠶᠢᠵᠠᠢ᠃ ᠭᠤᠷᠪᠠ ᠳᠤ᠂ ᠣᠶᠢᠷᠠᠳ ᠲᠤ | ᠠᠶᠠᠯᠠᠵᠤ᠂ ᠴᠢᠩᠭᠢᠰ ᠬᠠᠭᠠᠨ ᠤ ᠶᠣᠰᠣ ᠪᠠᠷ ᠤᠷᠤᠭ ᠪᠣᠯᠣᠯᠴᠠᠭᠰᠠᠨ᠃ ᠳᠦᠷᠪᠡ ᠳᠤ᠂ ᠬᠢᠲᠠᠳ ᠲᠠᠢ ᠨᠠᠶᠢᠷᠰᠠᠭ | ᠬᠠᠷᠢᠯᠴᠠᠭ᠎ᠠ ᠪᠠᠶᠢᠭᠤᠯᠵᠤ᠂ ᠸᠠᠩ ᠴᠤᠯᠠ ᠠᠪᠤᠭᠰᠠᠨ᠃ ᠲᠠᠪᠤ ᠳᠤ᠂ ᠳᠠᠯᠠᠢ ᠯᠠᠮᠠ ᠲᠠᠢ ᠬᠠᠷᠢᠯᠴᠠᠵᠤ᠂ ᠪᠤᠷᠬᠠᠨ ᠤ | ᠱᠠᠰᠢᠨ ᠢ ᠮᠤᠩᠭᠤᠯ ᠣᠷᠣᠨ ᠳᠤ ᠳᠡᠯᠭᠡᠷᠡᠭᠦᠯᠦᠭᠰᠡᠨ ᠪᠦᠭᠡᠳ ᠳᠠᠯᠠᠢ ᠯᠠᠮᠠ ᠠᠴᠠ ᠬᠠᠭᠠᠨ ᠴᠤᠯᠠ ᠠᠪᠤᠭᠰᠠᠰᠨ᠃ | ᠡᠨᠡ ᠮᠡᠲᠦ ᠪᠠᠷ ᠬᠡᠳᠦᠨ ᠠᠷᠪᠠᠨ ᠵᠢᠯ ᠤᠨ ᠴᠡᠷᠢᠭ ᠲᠠᠶᠢᠨ ᠤ ᠠᠵᠢᠯᠯᠠᠭ᠎ᠠ ᠪᠠᠷ ᠳᠠᠮᠵᠢᠨ ᠠᠯᠲᠠᠨ ᠬᠠᠨ ᠲᠦᠢᠯ ᠤᠨ | ᠨᠡᠷ᠎ᠡ ᠨᠦᠯᠦᠭᠡ ᠲᠠᠢ ᠤᠯᠤᠰ ᠲᠦᠷᠦ ᠶᠢᠨ ᠲᠣᠮᠣ ᠬᠦᠮᠦᠨ ᠪᠣᠯᠣᠭᠰᠠᠨ᠃ ᠲᠡᠭᠦᠨ ᠤ ᠵᠠᠬᠢᠷᠴᠤ ᠪᠠᠶᠢᠭᠰᠠᠨ ᠲᠦᠮᠡᠳ | ᠲᠦᠮᠡᠨ ᠴᠦ ᠲᠦᠢᠯ ᠤᠨ ᠶᠡᠬᠡᠪᠡᠷ ᠬᠦᠴᠦᠷᠭᠡᠭᠵᠢᠭᠰᠡᠨ ᠪᠠᠶᠢᠯ᠎ᠠ᠃ | |