ᠠᠯᠳᠠᠷᠳᠤ ᠴᠤᠤᠲᠤ ᠵᠦᠩᠭᠡᠨ ᠬᠠᠲᠤᠨ — ᠠᠯᠲᠠᠨ ᠬᠠᠨ ᠠᠴᠠ ᠰᠡᠭᠦᠯᠡᠷᠬᠢ ᠵᠦᠩᠭᠡᠨ ᠬᠠᠲᠤᠨ
ᠨᠡᠶᠢᠲᠡᠯᠡᠭᠰᠡᠨ ᠴᠠᠭ᠄
2018-04-11
      ᠠᠯᠲᠠᠨ ᠬᠠᠨ ᠨᠠᠰᠤ ᠪᠠᠷᠠᠭᠰᠠᠨ ᠤ ᠳᠠᠷᠠᠭ᠎ᠠ ᠵᠦᠩᠭᠡᠨ ᠬᠠᠲᠤᠨ ᠭᠤᠴᠢᠨ ᠵᠢᠯ ᠲᠦᠷᠦ ᠪᠠᠷᠢᠭᠰᠠᠨ ᠬᠤᠭᠤᠴᠠᠭᠠᠨ ᠳᠠᠭᠠᠨ ᠮᠦᠨ ᠠᠯᠲᠠᠨ ᠬᠠᠨ ᠤ ᠲᠦᠷᠦ ᠶᠢᠨ ᠪᠣᠳᠣᠯᠭ᠎ᠠ ᠶᠢ ᠦᠷᠬᠦᠯᠵᠢᠯᠡᠨ ᠬᠡᠷᠡᠭᠵᠢᠬᠦᠯᠵᠦ᠂ ᠮᠢᠩ ᠤᠯᠤᠰ ᠲᠠᠢ ᠨᠠᠶᠢᠷᠠᠮᠳᠠᠨ ᠠᠯᠪᠠ ᠡᠷᠭᠦᠬᠦ᠂ ᠬᠤᠳᠠᠯᠳᠤᠭ᠎ᠠ ᠬᠢᠬᠦ ᠶᠢ ᠬᠢᠴᠢᠶᠡᠩᠭᠦ᠋ᠢᠯᠡᠨ ᠪᠠᠷᠢᠮᠲᠠᠯᠠᠵᠤ᠂ ᠪᠤᠷᠬᠠᠨ ᠱᠠᠰᠢᠨ ᠢ ᠳᠡᠯᠭᠡᠷᠡᠭᠦᠯᠬᠦ ᠵᠡᠷᠭᠡ ᠠᠵᠢᠯ ᠢ ᠦᠷᠭᠦᠯᠵᠢᠯᠡᠭᠦᠯᠵᠦ ᠪᠠᠶᠢᠵᠠᠢ᠃ ᠡᠶᠢᠮᠦ ᠠᠴᠠ ᠮᠢᠩ ᠤᠯᠤᠰ ᠤᠨ ᠵᠠᠰᠠᠭ ᠤᠨ ᠭᠠᠵᠠᠷ ᠠᠴᠠ ᠲᠡᠭᠦᠨ ᠳᠤ ᠵᠦᠩ ᠱᠦᠨ ᠬᠠᠲᠤᠨ ︵ᠰᠢᠳᠤᠷᠭᠤ ᠡᠶᠡᠪᠡᠷᠬᠦᠦ ᠬᠠᠲᠤᠨ︶ ᠭᠡᠰᠡᠨ ᠡᠷᠬᠢᠮᠰᠦᠭ ᠴᠤᠯᠠ ᠱᠠᠩᠨᠠᠵᠠᠢ᠃ ᠲᠦᠪᠡᠳ ᠤᠨ ᠳᠠᠯᠠᠢ ᠯᠠᠮᠠ ᠴᠦ ᠲᠦᠮᠡᠳ ᠲᠤ ᠢᠷᠡᠵᠦ᠂ ᠪᠤᠷᠬᠠᠨ ᠤ ᠱᠠᠰᠢᠨ ᠤᠯᠠᠮ ᠳᠡᠯᠭᠡᠷᠡᠨ ᠬᠦᠭᠵᠢᠵᠦ ᠪᠠᠶᠢᠭᠰᠠᠨ᠃ ᠠᠯᠲᠠᠨ ᠬᠠᠨ ᠨᠠᠰᠤ ᠪᠠᠷᠠᠭᠰᠠᠨ ᠤ ᠰᠡᠭᠦᠯᠡᠷ ᠬᠤᠶᠢᠳᠤᠬᠢ ᠶᠠᠪᠤᠳᠠᠯ ᠢ ᠪᠦᠷ ᠵᠦᠩᠭᠡᠨ ᠬᠠᠲᠤᠨ ᠭᠤᠣᠯᠲᠠᠨ ᠬᠢᠵᠦ ᠪᠠᠶᠢᠯ᠎ᠠ ᠭᠡᠵᠦ ᠬᠢᠲᠠᠳ ᠰᠤᠳᠤᠷ ᠲᠤ ᠲᠡᠮᠳᠡᠭᠯᠡᠵᠦ ᠪᠠᠶᠢᠨ᠎ᠠ᠃ ᠮᠢᠩ ᠤᠯᠤᠰ ᠲᠤ ᠡᠯᠴᠢᠨ ᠲᠣᠮᠢᠯᠠᠵᠤ᠂ ᠠᠯᠪᠠᠨ ᠪᠢᠴᠢᠭ ᠶᠠᠪᠤᠭᠤᠯᠬᠤ ᠳᠤ ᠪᠦᠷ ᠵᠦᠩᠭᠡᠨ ᠬᠠᠲᠤᠨ ᠭᠠᠷᠳᠠᠨ ᠬᠢᠵᠦ ᠪᠠᠶᠢᠯ᠎ᠠ ᠭᠡᠳᠡᠭ᠃ ᠡᠨᠡ ᠨᠢ ᠵᠦᠩᠭᠡᠨ ᠬᠠᠲᠤᠨ ᠴᠢᠬᠤᠯᠠ ᠦᠢᠯᠡᠳᠦᠯ ᠦᠵᠡᠭᠦᠯᠵᠦ ᠪᠠᠶᠢᠭᠰᠠᠨ ᠭᠡᠳᠡᠭ ᠢ ᠬᠠᠷᠠᠭᠤᠯᠵᠤ ᠪᠤᠢ᠃ ᠠᠯᠲᠠᠨ ᠬᠠᠨ ᠨᠠᠰᠤ ᠪᠠᠷᠠᠭᠰᠠᠨ ᠤ ᠳᠠᠷᠠᠭ᠎ᠠ ᠵᠦᠩᠭᠡᠨ ᠬᠠᠲᠤᠨ ᠰᠡᠩᠭᠡ ᠳᠦᠭᠦᠷᠡᠩ ᠳᠤ ᠮᠣᠷᠳᠠᠭᠰᠠᠨ᠃ ᠢᠩᠭᠢᠭᠡᠳ ᠵᠦᠩᠭᠡᠨ ᠬᠠᠲᠤᠨ ᠬᠤᠶᠠᠳᠤᠭᠠᠷ ᠦᠶ᠎ᠡ ᠶᠢᠨ ᠱᠦᠨ ᠢ ᠸᠠᠩ ᠤᠨ ᠬᠠᠲᠤᠨ ᠪᠣᠯᠵᠠᠢ᠃ ᠵᠦᠩᠭᠡᠨ ᠬᠠᠲᠤᠨ ᠰᠡᠩᠭᠡ ᠳᠦᠭᠦᠷᠡᠩ ᠲᠠᠢ ᠬᠤᠶᠠᠭᠤᠯᠠ ᠭᠤᠷᠪᠠᠳᠤᠭᠠᠷ ᠳᠦᠷᠢ ᠶᠢᠨ ᠳᠠᠯᠠᠢ ᠯᠠᠮᠠ ᠶᠢ ᠵᠠᠯᠠᠵᠤ ᠠᠯᠲᠠᠨ ᠬᠠᠨ ᠤ ᠬᠤᠶᠢᠳᠤᠬᠢ ᠶᠠᠪᠤᠳᠠᠯ ᠢ ᠬᠢᠯᠭᠡᠬᠦ ᠪᠠᠷ ᠤᠷᠢᠭᠰᠠᠨ ᠳᠤ ᠳᠠᠯᠠᠢ ᠯᠠᠮᠠ 1586 ᠣᠨ ᠳᠤ ᠬᠦᠬᠡᠬᠤᠲᠠ ᠳᠤ ᠢᠷᠡᠭᠰᠡᠨ ᠪᠠᠶᠢᠨ᠎ᠡ᠃ 1587 ᠣᠨ ᠤ ᠦᠶ᠎ᠡ ᠳᠤ ᠭᠤᠷᠪᠠᠳᠤᠭᠠᠷ ᠳᠦᠷᠢ ᠶᠢᠨ ᠳᠠᠯᠠᠢ ᠯᠠᠮᠠ ᠬᠠᠷᠠᠴᠢᠨ ᠲᠦᠮᠡᠨ ᠤ ᠲᠦᠷᠦᠭᠦᠦ ᠪᠠᠶᠠᠰᠬᠠᠯ ᠬᠦᠨᠳᠡᠯᠡᠨ ᠬᠠᠭᠠᠨ ᠲᠠᠢ ᠪᠣᠯᠵᠤᠵᠤ᠂ ᠱᠠᠰᠢᠨ ᠳᠡᠯᠭᠡᠷᠡᠭᠦᠯᠬᠦ ᠪᠠᠷ ᠣᠴᠢᠵᠤ᠂ ᠳᠠᠷᠠᠭ᠎ᠠ ᠵᠢᠯ ᠨᠢ ᠬᠠᠷᠠᠴᠢᠨ ᠤ ᠵᠢᠭᠠᠰᠤᠲᠠᠢ ᠭᠡᠳᠡᠭ ᠭᠠᠵᠠᠷ ᠨᠢᠷᠸᠠᠨ ᠳᠦᠷᠢ ᠦᠵᠡᠭᠦᠯᠵᠡᠢ᠃ ᠭᠤᠷᠪᠠᠳᠤᠭᠠᠷ ᠳᠦᠷᠢ ᠶᠢᠨ ᠳᠠᠯᠠᠢ ᠯᠠᠮᠠ ᠶᠢᠨ ᠱᠠᠷᠢᠯ ᠢ ᠬᠦᠷᠭᠡᠬᠦ ᠪᠠᠷ ᠵᠦᠩᠭᠡᠨ ᠬᠠᠲᠤᠨ ᠮᠠᠨᠤᠲᠠᠢ ᠴᠦᠷᠦᠭᠡ ᠰᠡᠴᠡᠨ ᠬᠠᠨ ᠲᠠᠢ ᠬᠤᠶᠠᠭᠤᠯᠠ ᠭᠦᠮᠪᠦᠮ ᠬᠦᠷᠦᠭᠡᠳ ᠪᠤᠴᠠᠵᠤ ᠢᠷᠡᠵᠡᠢ᠃ ᠰᠡᠩᠭᠡ ᠳᠦᠭᠦᠷᠡᠩ ᠬᠤᠩ ᠲᠠᠶᠢᠵᠢ ᠬᠠᠨ ᠣᠷᠣ ᠵᠠᠯᠭᠠᠮᠵᠢᠯᠠᠭᠠᠳ᠂ ᠲᠦᠷᠪᠡᠳᠡᠬᠢ ᠵᠢᠯ ᠳᠡᠭᠡᠨ ᠨᠠᠰᠤ ᠨᠦᠭᠴᠢᠭᠰᠡᠨ ᠳᠤ ᠲᠡᠭᠦᠨ ᠤ ᠬᠦᠦ ᠨᠠᠮᠤᠲᠠᠢ ᠴᠦᠷᠦᠭᠡ ᠡᠴᠢᠭᠡ ᠶᠢᠨ ᠢᠶᠠᠨ ᠴᠤᠯᠠ ᠶᠢ ᠵᠠᠯᠭᠠᠮᠵᠢᠯᠠᠨ ᠭᠤᠷᠪᠠᠳᠤᠭᠠᠷ ᠦᠶ᠎ᠡ ᠶᠢᠨ ᠱᠦᠨ ᠢ ᠸᠠᠩ ᠪᠣᠯᠵᠠᠢ᠃ ᠡᠨᠡ ᠦᠶ᠎ᠡ ᠳᠤ ᠵᠦᠩᠭᠡᠨ ᠬᠠᠲᠤᠨ ᠨᠢᠭᠡᠨᠲᠠ ᠭᠤᠴᠢᠨ ᠳᠣᠯᠣᠭᠠᠨ ᠨᠠᠰᠤ ᠬᠦᠷᠴᠦ᠂ ᠨᠠᠰᠤ ᠪᠡᠶ᠎ᠠ ᠠᠭᠰᠢᠷᠠᠭᠰᠠᠨ ᠭᠡᠮᠡᠨ ᠲᠦᠮᠡᠨ ᠴᠡᠷᠢᠭ ᠪᠣᠯᠪᠠᠰᠤᠷᠠᠭᠤᠯᠤᠨ ᠠᠰ ᠲᠠᠭᠠᠨ ᠬᠤᠲᠠ ᠴᠣᠭᠴᠠᠯᠠᠨ ᠰᠠᠭᠤᠵᠤ ᠪᠠᠶᠢᠪᠠ᠃ ᠡᠭᠦᠨ ᠳᠤ ᠮᠢᠩ ᠤᠯᠤᠰ ᠤᠨ ᠲᠠᠯ᠎ᠠ ᠨᠢ ᠤᠮᠠᠷᠠᠲᠤ ᠶᠤᠸᠠᠨ ᠤᠯᠤᠰ ᠤᠨ ᠲᠠᠯ᠎ᠠ ᠳᠤ ᠠᠷᠠᠯᠵᠢᠶ᠎ᠠ ᠬᠤᠳᠠᠯᠳᠤᠭ᠎ᠠ ᠨᠡᠪᠲᠡᠷᠡᠬᠦ ᠶᠢ ᠡᠷᠬᠢᠯᠡᠨ ᠮᠡᠳᠡᠬᠦ ᠬᠦᠮᠦᠨ ᠦᠭᠡᠢ ᠪᠣᠯᠬᠤ ᠠᠴᠠ ᠪᠣᠯᠭᠤᠮᠵᠢᠯᠠᠵᠤ᠂ ᠮᠤᠩᠭᠤᠯ ᠤᠨ ᠪᠠᠶᠢᠳᠠᠯ ᠢ ᠲᠣᠭᠲᠠᠪᠤᠷᠢᠵᠢᠭᠤᠯᠬᠤ ᠶᠢᠨ ᠲᠦᠯᠦᠭᠡ ᠲᠠᠬᠢᠨ ᠬᠦᠮᠦᠨ ᠲᠣᠮᠢᠯᠠᠨ ᠴᠦᠷᠦᠭᠡ ᠶᠢ ᠢᠳᠬᠠᠵᠤ᠄ ︽ᠬᠠᠲᠤᠨ ᠢᠶᠠᠷ ᠡᠵᠡᠨ ᠲᠦᠷᠦ ᠳᠤ ᠭᠤᠷᠪᠠᠨ ᠦᠶ᠎ᠡ ᠰᠢᠳᠤᠷᠭᠤ ᠳᠠᠭᠠᠭᠰᠠᠨ ᠪᠦᠯᠦᠭᠡ᠃ ᠴᠢ ᠬᠡᠷᠪᠡ ᠲᠡᠭᠦᠨ ᠯᠦᠭᠡ ᠤᠷᠤᠭᠯᠠᠪᠠᠰᠤ ᠸᠠᠩ ᠡᠷᠭᠦᠮᠵᠢᠯᠡᠮᠤᠢ︾ ᠭᠡᠰᠡᠨ ᠳᠤ ᠴᠦᠷᠦᠭᠡ ᠲᠡᠷᠡ ᠳᠠᠷᠤᠢ ᠳᠤᠨᠢ ᠪᠤᠰᠤᠳ ᠳᠠᠲᠠᠪᠤᠷᠢ ᠨᠠᠷ ᠢᠶᠠᠨ ᠦᠯᠳᠡᠨ ᠵᠠᠶᠢᠯᠠᠭᠤᠯᠵᠤ᠂ ᠵᠦᠩᠭᠡᠨ ᠬᠠᠲᠤᠨ ᠲᠠᠢ ᠦᠷᠦᠭᠡ ᠪᠠᠨ ᠬᠠᠮᠲᠤᠳᠬᠠᠵᠠᠢ᠃ ᠵᠦᠩᠭᠡᠨ ᠬᠠᠲᠤᠨ ᠮᠦᠨ ᠤᠤᠯ ᠤᠨ ᠶᠣᠰᠤᠭᠠᠷ ᠮᠢᠩ ᠤᠯᠤᠰ ᠯᠤᠭ᠎ᠠ ᠶᠢᠨ ᠬᠠᠷᠢᠯᠴᠠᠭ᠎ᠠ ᠶᠠᠪᠤᠯᠴᠠᠭ᠎ᠠ ᠶᠢᠨ ᠤᠴᠢᠷ ᠢ ᠬᠠᠮᠢᠶᠠᠷᠤᠭᠰᠠᠨ ᠳᠤ ᠮᠢᠩ ᠤᠯᠤᠰ ᠤᠨ ︽ᠲᠦᠷᠦ ᠶᠢᠨ ᠣᠯᠠᠨ ᠢᠶᠠᠷ ᠢᠶᠠᠨ ᠪᠠᠶᠠᠰᠤᠯᠴᠠᠨ ᠬᠠᠷᠢᠯᠴᠠᠨ ᠪᠠᠶᠠᠷ ᠬᠦᠷᠭᠡᠬᠦ ᠳᠤ ᠬᠦᠷᠴᠡᠢ︾᠃ 1587 ᠣᠨ ᠳᠤ ᠮᠢᠩ ᠤᠯᠤᠰ ᠤᠨ ᠵᠠᠰᠠᠭ ᠤᠨ ᠭᠠᠵᠠᠷ ᠨᠠᠮᠤᠳᠠᠢ ᠴᠦᠷᠦᠭᠡ ᠶᠢ ᠱᠦᠨ ᠢ ᠸᠠᠩ ᠡᠷᠭᠦᠮᠵᠢᠯᠡᠵᠦ᠂ ᠵᠦᠩᠭᠡᠨ ᠬᠠᠲᠤᠨ ᠢ ︽ᠵᠦᠩ ᠱᠦᠨ ᠬᠠᠲᠤᠨ︾ ᠡᠷᠭᠦᠮᠵᠢᠯᠡᠪᠡ᠃ ᠮᠢᠩ ᠤᠯᠤᠰ ᠤᠨ ᠵᠠᠰᠠᠭ ᠤᠨ ᠭᠠᠵᠠᠷ ᠵᠦᠩᠭᠡᠨ ᠬᠠᠲᠤᠨ ᠢ ᠨᠡᠶᠢᠲᠡ ᠭᠤᠷᠪᠠ ᠤᠳᠠᠭ᠎ᠠ ︽ᠵᠦᠩ ᠱᠦᠨ ᠬᠠᠲᠤᠨ︾ ᠡᠷᠭᠦᠮᠵᠢᠯᠡᠭᠰᠡᠨ ᠭᠡᠵᠦ ᠮᠢᠩ ᠤᠯᠤᠰ ᠤᠨ ᠲᠡᠤᠬᠡ ᠰᠤᠳᠤᠷ ᠲᠤ ᠲᠡᠮᠳᠡᠭᠯᠡᠵᠦ ᠪᠣᠢ᠃ ᠵᠦᠩᠭᠡᠨ ᠬᠠᠲᠤᠨ ᠤᠷᠢᠳ ᠬᠤᠵᠢᠳ ᠭᠤᠷᠪᠠᠨ ᠦᠶ᠎ᠡ ᠶᠢᠨ ᠱᠦᠨ ᠢ ᠸᠠᠩ ᠤᠨ ᠬᠠᠲᠤᠨ ᠪᠣᠯᠵᠤ᠂ ᠤᠮᠠᠷᠠᠲᠤ ᠶᠣᠸᠠᠨ ᠤᠯᠤᠰ ᠤᠨ ᠡᠯ᠎ᠠ ᠠᠶᠢᠮᠠᠭ ᠪᠦᠯᠦᠭ ᠤᠨ ᠳᠤᠮᠲᠠ ᠲᠦᠢᠯ ᠤᠨ ᠦᠨᠳᠦᠷ ᠢᠲᠡᠭᠡᠯ ᠬᠦᠨᠳᠦ ᠪᠠ ᠤᠷᠢᠶᠠᠯᠠᠨ ᠳᠠᠶᠢᠴᠢᠯᠠᠬᠤ ᠬᠦᠴᠦᠨ ᠲᠠᠢ ᠪᠠᠶᠢᠪᠠ᠃ ᠲᠡᠷᠡ ᠴᠡᠷᠢᠭ ᠤᠨ ᠡᠷᠬᠡ ᠶᠢ ᠬᠠᠪᠰᠤᠷᠤᠨ ᠪᠠᠷᠢᠵᠦ᠂ ᠠᠷᠠᠯᠵᠢᠶ᠎ᠠ ᠬᠤᠳᠠᠯᠳᠤᠭᠠᠨ ᠤ ᠶᠠᠪᠤᠳᠠᠯ ᠢ ᠭᠤᠣᠯᠴᠢᠯᠠᠨ ᠠᠳᠬᠤᠭᠠᠳ᠂ ᠮᠢᠩ ᠤᠯᠤᠰ ᠲᠠᠢ ︽ᠯᠦᠩ ᠴᠢᠩ ᠤᠨ ᠡᠪᠰᠡᠯ︾ ᠶᠣᠰᠤᠭᠠᠷ ᠦᠷᠭᠦᠯᠵᠢᠯᠡᠨ ᠨᠦᠬᠦᠷᠰᠡᠭ ᠶᠠᠪᠤᠯᠴᠠᠬᠤ ᠶᠢ ᠶᠣᠰᠤᠴᠢᠯᠠᠨ ᠵᠣᠷᠢᠵᠤ ᠪᠠᠶᠢᠭᠰᠠᠨ ᠪᠦᠭᠡᠳ ᠨᠠᠶᠢᠷᠠᠮᠳᠠᠯ ᠤᠨ ᠭᠡᠷ᠎ᠡ ᠲᠣᠭᠲᠠᠭᠠᠯ ᠢ ᠵᠦᠷᠢᠴᠡᠵᠦ ᠳᠤᠷ᠎ᠠ ᠲᠠᠪᠠ ᠪᠠᠷ ᠢᠶᠠᠨ ᠪᠤᠯᠢᠶᠠᠨ ᠳᠡᠭᠡᠷᠡᠮᠳᠡᠯᠭᠡ ᠬᠢᠭᠰᠡᠳ ᠢ ᠬᠠᠶᠢᠷ᠎ᠠ ᠨᠠᠶᠢᠷ ᠦᠭᠡᠢ ᠬᠦᠨᠳᠦ ᠰᠢᠳᠭᠡᠵᠦ ᠪᠠᠶᠢᠵᠠᠢ᠃ ᠲᠡᠭᠡᠪᠡᠯ ᠵᠦᠩᠭᠡᠨ ᠬᠠᠲᠤᠨ ᠤ ᠦᠶ᠎ᠡ ᠳᠤ ᠪᠤᠷᠬᠠᠨ ᠱᠠᠰᠢᠨ ᠤ ᠴᠢᠬᠤᠯᠠ ᠨᠢᠭᠡ ᠰᠤᠳᠤᠷ ᠪᠣᠯᠬᠤ ︽ᠭᠠᠨᠵᠤᠤᠷ︾᠎ ᠢ ᠣᠷᠴᠢᠭᠤᠯᠤᠭᠰᠠᠨ ᠪᠠᠶᠢᠨ᠎ᠠ᠃ ᠪᠤᠷᠬᠠᠨ ᠱᠠᠰᠢᠨ ᠤ ᠨᠣᠮ ᠰᠤᠳᠤᠷ ᠣᠯᠠᠨ ᠪᠤᠢ᠂ ᠲᠦᠪᠡᠳ ᠠᠴᠠ ᠤᠯᠠᠮᠵᠢᠯᠠᠭᠰᠠᠨ ᠪᠤᠷᠬᠠᠨ ᠱᠠᠰᠢᠨ ᠪᠣᠯ ᠬᠤᠶᠠᠷ ᠶᠡᠭᠡ ᠨᠣᠮ ᠢᠶᠠᠷ ᠪᠦᠬᠦ ᠪᠤᠷᠬᠠᠨ ᠱᠠᠰᠢᠨ ᠤ ᠶᠣᠰᠤ ᠶᠢ ᠬᠤᠷᠢᠶᠠᠩᠭᠤᠶᠢᠯᠠᠵᠤ ᠪᠠᠶᠢᠳᠠᠭ᠃ ︽ᠭᠠᠨᠵᠤᠤᠷ︾ ᠰᠤᠳᠤᠷ ᠲᠤ ᠱᠠᠭᠵᠠᠮᠤᠨᠢ ᠶᠢᠨ ᠦᠭᠡ ᠪᠣᠯᠣᠨ ᠪᠤᠷᠬᠠᠨ ᠤ ᠰᠠᠬᠢᠯ ᠰᠠᠨᠸᠠᠷ ᠢ ᠪᠢᠴᠢᠵᠦ ᠪᠠᠶᠢᠳᠠᠭ᠃ ︽ᠳ᠋ᠠᠨᠵᠤᠤᠷ︾᠎ ᠲᠤ ᠱᠠᠭᠵᠠᠮᠤᠨᠢ ᠠᠴᠠ ᠬᠤᠶᠢᠰᠢᠬᠢ ᠪᠤᠷᠬᠠᠨ ᠱᠠᠰᠢᠨ ᠤ ᠲᠣᠮᠤ ᠡᠷᠳᠡᠮᠳᠡᠨ ᠮᠡᠷᠭᠡᠳ ᠤᠨ ᠵᠤᠬᠢᠶᠠᠯ ᠪᠦᠳᠦᠭᠡᠯ ᠢ ᠪᠢᠴᠢᠵᠦ ᠣᠷᠣᠭᠤᠯᠤᠭᠰᠠᠨ ᠪᠠᠶᠢᠳᠠᠭ᠃ ︽ᠭᠠᠨᠵᠤᠤᠷ︾᠎ ᠢ ᠠᠯᠲᠠᠨ ᠬᠠᠨ ᠳᠠᠯᠠᠢ ᠯᠠᠮᠠ ᠲᠠᠢ ᠠᠭᠤᠯᠵᠠᠭᠰᠠᠨ ᠤ ᠰᠡᠭᠦᠯᠡᠷ ᠵᠠᠯᠠᠵᠤ ᠠᠪᠴᠢᠷᠠᠭᠠᠳ᠂ ᠵᠦᠩᠭᠡᠨ ᠬᠠᠲᠤᠨ ᠤ ᠤᠳᠤᠷᠢᠳᠤᠯᠭ᠎ᠠ ᠳᠣᠣᠷ᠎ᠠ ᠡᠬᠢᠯᠡᠨ ᠣᠷᠴᠢᠭᠤᠯᠵᠤ᠂ ᠯᠢᠭᠳᠡᠨ ᠬᠤᠳᠤᠭᠳᠤ ᠬᠠᠭᠠᠨ ᠤ ᠦᠶ᠎ᠡ ᠳᠤ ᠬᠦᠷᠦᠭᠡᠳ ᠪᠦᠬᠦ ᠨᠣᠮ ᠢ ᠬᠦᠷᠪᠡᠭᠦᠯᠵᠦ ᠳᠠᠭᠤᠰᠬᠠᠭᠰᠠᠨ ᠪᠠᠶᠢᠨ᠎ᠠ᠃ ︽ᠭᠠᠨᠵᠤᠤᠷ︾᠎ ᠤᠨ ᠣᠷᠴᠢᠭᠤᠯᠤᠭᠳᠠᠭᠰᠠᠨ ᠶᠠᠪᠤᠳᠠᠯ ᠨᠢ ᠪᠤᠷᠬᠠᠨ ᠤ ᠱᠠᠰᠢᠨ ᠮᠤᠩᠭᠤᠯ ᠣᠷᠣᠨ ᠳᠤ ᠨᠡᠩ ᠦᠷᠭᠡᠨ ᠬᠡᠪᠴᠢᠶ᠎ᠡ ᠪᠠᠷ ᠤᠯᠠᠮᠵᠢᠯᠠᠭᠳᠠᠨ ᠲᠠᠷᠬᠠᠬᠤ ᠳᠤ ᠮᠠᠰᠢ ᠴᠢᠬᠤᠯᠠ ᠦᠢᠯᠡᠳᠦᠯ ᠭᠠᠷᠭᠠᠵᠠᠢ᠃ ᠭᠤᠷᠪᠠᠳᠤᠭᠠᠷ ᠳᠦᠷᠢ ᠶᠢᠨ ᠳᠠᠯᠠᠢ ᠯᠠᠮᠠ ᠨᠢᠷᠸᠠᠨ ᠳᠦᠷᠢ ᠦᠵᠡᠭᠦᠯᠦᠭᠰᠡᠨ ᠤ ᠳᠠᠷᠠᠭ᠎ᠠ ᠵᠢᠯ ᠨᠢ ᠰᠡᠩᠭᠡ ᠳᠦᠭᠦᠷᠡᠩ ᠤᠨ ᠬᠦᠦ ᠰᠦᠮᠡᠷ ᠲᠠᠶᠢᠵᠢ ᠶᠢᠨ ᠭᠡᠷ ᠲᠤ ᠲᠦᠷᠪᠡᠳᠦᠭᠡᠷ ᠳᠦᠷᠢ ᠶᠢᠨ ᠳᠠᠯᠠᠢ ᠯᠠᠮᠠ ᠲᠣᠳᠤᠷᠠᠭᠰᠠᠨ ᠪᠠᠶᠢᠨ᠎ᠠ᠂ ᠲᠡᠭᠦᠨ ᠤ ᠨᠡᠷ᠎ᠡ ᠶᠢ ᠶᠣᠨᠳᠤᠨᠵᠠᠮᠰᠤ ᠭᠡᠳᠡᠭ᠃ ᠰᠡᠭᠦᠯᠡᠷ ᠨᠢ ᠨᠠᠮᠤᠲᠠᠢ ᠴᠦᠷᠦᠭᠡ ᠰᠡᠴᠡᠨ ᠬᠠᠨ ᠪᠣᠯᠤᠨ ᠵᠦᠩᠭᠡᠨ ᠬᠠᠲᠤᠨ ᠬᠤᠶᠠᠭᠤᠯᠠ ᠲᠡᠷᠡ ᠬᠦᠦ ᠶᠢ ᠬᠦᠬᠡᠬᠤᠲᠠ ᠳᠤ ᠠᠪᠴᠢᠷᠠᠵᠤ᠂ ᠰᠢᠷᠡᠭᠡᠳᠦ ᠵᠤᠤ ᠶᠢᠨ ᠰᠢᠷᠡᠭᠡᠨ ᠳᠤ ᠰᠠᠭᠤᠯᠭᠠᠭᠠᠳ᠂ ᠠᠷᠪᠠᠨ ᠭᠤᠷᠪᠠᠲᠠᠢ ᠳᠤᠨᠢ ᠲᠦᠪᠡᠳ ᠲᠤ ᠮᠣᠷᠳᠠᠭᠤᠯᠵᠠᠢ᠃ ᠡᠨᠡ ᠬᠡᠷᠡᠭ ᠲᠤ ᠵᠦᠩᠭᠡᠨ ᠬᠠᠲᠤᠨ ᠪᠠᠰᠠ ᠮᠠᠰᠢ ᠶᠡᠭᠡ ᠡᠭᠦᠷᠭᠡ ᠬᠦᠢᠴᠡᠳᠭᠡᠭᠰᠡᠨ᠃ ᠰᠡᠭᠦᠯᠡᠷ ᠨᠢ ᠶᠣᠨᠳᠤᠨᠵᠠᠮᠰᠤ ᠲᠦᠪᠡᠳ ᠲᠤ ᠬᠤᠷᠢᠨ ᠬᠡᠳᠦᠲᠠᠶᠢᠬᠡᠨ ᠨᠢᠷᠸᠠᠨ ᠳᠦᠷᠢ ᠦᠵᠡᠭᠦᠯᠵᠡᠢ᠃ ᠠᠯᠲᠠᠨ ᠬᠠᠨ ᠵᠦᠩᠭᠡᠨ ᠬᠠᠲᠤᠨ ᠬᠤᠶᠠᠷ ᠪᠤᠷᠬᠠᠨ ᠱᠠᠰᠢᠨ ᠢ ᠳᠡᠯᠭᠡᠷᠡᠭᠦᠯᠬᠦ ᠠᠵᠢᠯᠯᠠᠭ᠎ᠠ ᠶᠢ ᠡᠬᠢᠯᠡᠭᠦᠯᠦᠭᠰᠡᠨ ᠠᠴᠠ ᠬᠤᠶᠢᠰᠢ ᠲᠦᠪᠡᠳ ᠠᠴᠠ ᠮᠠᠨᠽᠤᠰᠢᠷᠢ ᠬᠤᠳᠤᠭᠳᠤ᠂ ᠮᠠᠶᠢᠳᠠᠷᠢ ᠬᠤᠳᠤᠭᠳᠤ ᠭᠡᠬᠦ ᠵᠡᠷᠭᠡ ᠶᠢᠨ ᠣᠯᠠᠨ ᠬᠤᠳᠤᠭᠳᠤ ᠬᠤᠪᠢᠯᠭᠠᠨ ᠢ ᠮᠤᠩᠭᠤᠯ ᠣᠷᠣᠨ ᠳᠤ ᠵᠠᠯᠠᠵᠤ᠂ ᠪᠤᠷᠬᠠᠨ ᠨᠣᠮ ᠤᠩᠰᠢᠭᠤᠯᠵᠤ᠂ ᠰᠦᠮ᠎ᠡ ᠪᠠᠷᠢᠵᠤ᠂ ᠪᠤᠷᠬᠠᠨ ᠤ ᠬᠦᠷᠦᠭ ᠵᠢᠷᠤᠭ ᠪᠦᠳᠦᠭᠡᠬᠦ ᠵᠡᠷᠭᠡ ᠣᠯᠠᠨ ᠠᠵᠢᠯ ᠢ ᠬᠢᠭᠰᠡᠨ ᠪᠠᠶᠢᠵᠠᠢ᠃ ᠭᠤᠷᠪᠠᠳᠤᠭᠠᠷ ᠳᠦᠷᠢ ᠶᠢᠨ ᠳᠠᠯᠠᠢ ᠯᠠᠮᠠ ᠲᠦᠮᠡᠳ ᠲᠤ ᠢᠷᠡᠭᠰᠡᠨ ᠤ ᠰᠡᠭᠦᠯᠡᠷ ᠬᠠᠯᠬ᠎ᠠ ᠶᠢᠨ ᠠᠪᠠᠲᠠᠢ ᠬᠠᠨ ᠬᠦᠬᠡᠬᠤᠲᠠ ᠳᠤ ᠢᠷᠡᠵᠦ᠂ ᠵᠦᠩᠭᠡᠨ ᠬᠠᠲᠤᠨ ᠲᠠᠢ ᠠᠭᠤᠯᠵᠠᠨ᠂ ᠬᠠᠯᠬ᠎ᠠ ᠳᠤ ᠪᠤᠷᠬᠠᠨ ᠱᠠᠰᠢᠨ ᠢ ᠵᠠᠯᠠᠵᠤ ᠪᠠᠶᠢᠭᠰᠠᠨ᠃ ᠡᠨᠡ ᠲᠣᠬᠠᠢ ᠲᠡᠤᠬᠡ ᠨᠠᠮᠲᠠᠷ ᠲᠤ᠄ ᠬᠠᠯᠬ᠎ᠠ ᠲᠦᠮᠡᠨ ᠤ ᠡᠵᠡᠨ ᠪᠣᠯᠣᠭᠰᠠᠨ ᠠᠪᠠᠲᠠᠢ ᠰᠠᠶᠢᠨ ᠬᠠᠭᠠᠨ ᠬᠤᠲᠠᠯᠠ ᠶᠢᠨ ᠡᠵᠡᠨ ᠭᠡᠭᠡᠨ ᠬᠠᠭᠠᠨ ᠠᠪᠠᠭ᠎ᠠ ᠶᠤᠭᠠᠨ ᠦᠢᠯᠡᠳᠦᠭᠰᠡᠨ ᠱᠠᠰᠢᠨ ᠨᠣᠮ ᠳᠤ ᠣᠷᠤᠨ ᠬᠤᠳᠤᠭᠳᠤ ᠳᠠᠯᠠᠢ ᠯᠠᠮᠠ ᠳᠤᠷ ᠬᠦᠰᠡᠭᠦᠢ ᠰᠡᠳᠬᠢᠯ ᠤᠨ ᠡᠭᠦᠳᠡᠨ ᠠᠴᠠ ᠮᠦᠷᠭᠦᠨ ᠬᠤᠷᠢᠶᠠᠬᠤ ᠪᠤᠶᠠᠨ ᠪᠠᠷᠠᠮᠢᠳ ᠲᠣᠭᠠᠯᠠᠰᠢ ᠦᠭᠡᠢ ᠴᠠᠭᠯᠠᠰᠢ ᠦᠭᠡᠢ ᠬᠦᠷᠭᠡᠵᠦ ᠢᠷᠡᠬᠦ ᠶᠢᠨ ᠤᠷᠢᠲᠠ ᠠᠴᠠ ᠬᠤᠪᠢᠯᠭᠠᠨ ᠳᠠᠯᠠᠢ ᠯᠠᠮᠠ ᠶᠢᠨ ᠵᠡᠭᠦᠳᠦᠨ ᠳᠤ ᠬᠦᠷᠡᠩ ᠡᠷᠢᠶᠡᠨ ᠪᠠᠷᠰ ᠪᠣᠯᠣᠨ ᠰᠠᠨᠳᠠᠯᠢ ᠳᠠᠯᠠᠢ ᠯᠠᠮᠠ ᠦᠷᠦᠰᠢᠶᠡᠵᠦ ᠠᠪᠠᠲᠠᠢ ᠰᠠᠶᠢᠨ ᠬᠠᠭᠠᠨ ᠳᠤ ᠸᠴᠢᠷᠠᠢ ᠬᠠᠭᠠᠨ ᠴᠤᠯᠠ ᠰᠣᠶᠣᠷᠬᠠᠪᠠᠢ᠂ ᠲᠡᠷᠡ ᠪᠤᠳᠢᠰᠠᠩ ᠤᠨ ᠬᠤᠪᠢᠯᠭᠠᠨ ᠵᠦᠩᠭᠡᠨ ᠬᠠᠲᠤᠨ ᠪᠡᠷᠭᠡᠨ ᠳᠡᠭᠡᠨ ᠮᠦᠷᠭᠦᠵᠦ ᠵᠣᠯᠭᠠᠯᠳᠤᠪᠠᠢ ᠭᠡᠵᠦ ᠪᠢᠴᠢᠵᠦ ᠪᠠᠶᠢᠨ᠎ᠠ᠃ ᠵᠦᠩᠭᠡᠨ ᠬᠠᠲᠤᠨ ᠠᠯᠲᠠᠨ ᠬᠠᠨ ᠤ ᠬᠢᠭᠰᠡᠨ ᠱᠠᠰᠢᠨ ᠤ ᠠᠵᠢᠯᠯᠠᠭ᠎ᠠ ᠨᠢ ᠪᠠᠷᠠᠭᠤᠨ ᠭᠤᠷᠪᠠᠨ ᠲᠦᠮᠡᠨ ᠢᠶᠠᠷ ᠪᠠᠷᠠᠬᠤ ᠦᠭᠡᠢ ᠵᠡᠭᠦᠨ ᠭᠤᠷᠪᠠᠨ ᠲᠦᠮᠡᠨ᠂ ᠴᠠᠬᠠᠷ᠂ ᠬᠠᠯᠬ᠎ᠠ ᠳᠤ ᠪᠠᠰᠠ ᠱᠠᠰᠢᠨ ᠳᠡᠯᠭᠡᠷᠡᠬᠦᠯᠬᠦ ᠦᠷᠨᠢᠯᠲᠡ ᠶᠢ ᠪᠤᠢ ᠪᠣᠯᠭᠠᠭᠰᠠᠨ ᠪᠠᠶᠢᠨ᠎ᠠ᠃ ᠡᠳᠡᠭᠡᠷ ᠣᠯᠠᠨ ᠠᠵᠢᠯᠯᠠᠭ᠎ᠠ ᠠᠴᠠ ᠵᠦᠩᠭᠡᠨ ᠬᠠᠲᠤᠨ ᠲᠦᠮᠡᠳ ᠤᠨ ᠭᠤᠷᠪᠠᠨ ᠬᠠᠨ ᠤ ᠦᠶ᠎ᠡ ᠳᠤ ᠲᠦᠷᠦ ᠱᠠᠰᠢᠨ ᠤ ᠲᠠᠯ᠎ᠠ ᠪᠠᠷ ᠶᠠᠮᠠᠷ ᠰᠢᠭ᠋ ᠵᠢᠳᠭᠦᠯ ᠭᠠᠷᠭᠠᠭᠰᠠᠨ ᠢ ᠣᠶᠢᠯᠠᠭᠠᠵᠤ ᠪᠣᠯᠣᠨ᠎ᠠ᠃
 
ᠢᠷᠡᠯᠲᠡ᠄ ᠪᠤᠭᠤᠲᠤ ᠶᠢᠨ ᠲᠡᠤᠬᠡᠨ ᠳᠠᠬᠢ ᠨᠡᠷᠡᠲᠦ ᠬᠦᠮᠦᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1