ᠬᠠᠶᠢᠷ᠎ᠠ ᠰᠡᠳᠬᠢᠯᠭᠡ ᠶᠢ ᠠᠷᠢᠬᠢ ᠤᠤᠭᠤᠵᠤ ᠲᠠᠶᠢᠯᠬᠦ ᠬᠡᠮᠵᠢᠶ᠎ᠡ ᠪᠠᠷ ᠬᠡᠮᠵᠢᠶᠡᠯᠡᠬᠦ ᠳᠤ ᠬᠦᠷᠪᠡᠯ᠂ ᠡᠨᠡ ᠨᠢ | ᠨᠡᠭᠡᠷᠡᠨ ᠬᠠᠶᠢᠷ᠎ᠠ ᠰᠡᠳᠬᠢᠯᠭᠡ ᠶᠢᠨ ᠢᠯᠡᠷᠡᠭᠦᠯᠦᠯ ᠪᠤᠯᠵᠤ ᠴᠢᠳᠠᠨ᠎ᠠ ᠤᠤ︖ ᠠᠭᠤᠯᠵᠠᠪᠠᠯ ᠠᠷᠢᠬᠢ ᠭᠠᠷᠭᠠᠵᠤ᠂ | ᠤᠴᠠᠷᠠᠪᠠᠯ ᠬᠤᠨᠳᠠᠭ᠎ᠠ ᠮᠦᠷᠭᠦᠭᠦᠯᠵᠤ ᠬᠠᠶᠢᠷ᠎ᠠ ᠰᠡᠳᠬᠢᠯᠭᠡ ᠪᠠᠨ ︽ᠢᠯᠡᠳᠭᠡᠬᠦ︾ ᠪᠤᠶᠤ ︽ᠵᠤᠵᠠᠭᠠᠳᠬᠠᠬᠤ︾ ᠪᠠᠷ | ᠱᠠᠭᠠᠷᠳᠠᠬᠤ ᠦᠵᠡᠭᠳᠡᠯ ᠲᠠᠢ ᠤᠯᠠᠨ ᠬᠠᠷᠭᠤᠯ᠎ᠠ᠃ ᠲᠡᠭᠡᠪᠡᠯ ᠠᠷᠢᠬᠢ ᠨᠢ ᠦᠨᠡᠨᠬᠦ ᠲᠡᠶᠢᠮᠦ ᠦᠨᠳᠦᠷ ᠪᠠᠶᠢᠷᠢ ᠶᠢᠨ | ᠦᠢᠯᠡᠳᠦᠯ ᠲᠠᠢ ᠭᠡᠵᠢ ᠦᠦ︖ ᠵᠢᠯ ᠴᠠᠭᠠᠨ ᠰᠠᠷ᠎ᠠ ᠪᠠᠷ ᠭᠡᠷ ᠲᠤ ᠢᠷᠡᠭᠰᠡᠨ ᠭᠡᠶᠢᠴᠢᠨ ᠵᠤᠴᠢᠳ ᠢᠶᠠᠨ ᠵᠠᠪᠠᠯ | ᠠᠷᠢᠬᠢ ᠪᠠᠷ ᠳᠠᠶᠢᠯᠠᠬᠤ ᠬᠡᠷᠡᠭᠳᠡᠢ ᠭᠡᠬᠦ ᠰᠢᠭ ᠰᠤᠨᠢᠨ ︽ᠪᠠᠳᠤᠶᠤᠰᠤ︾ ᠬᠤᠳᠠ ᠬᠦᠳᠡᠭᠡ ᠶᠢᠨ ᠤᠯᠠᠨ ᠠᠶᠢᠯ ᠢᠶᠠᠷ | ᠶᠠᠪᠤᠭᠳᠠᠨᠡ᠃ ᠶᠠᠭᠤᠨ ᠳᠤ ᠵᠠᠪᠠᠯ ᠠᠷᠢᠬᠢ ᠳᠠᠷᠠᠰᠤ ᠪᠠᠷ ᠳᠠᠶᠢᠯᠠᠬᠤ ᠬᠡᠷᠡᠭ ᠲᠠᠢ ᠪᠤᠢ︖ ᠭᠡᠬᠦ ᠳᠤ ᠦᠭᠡᠢ ᠪᠤᠯ | ᠢᠷᠡᠭᠰᠡᠨ ᠵᠤᠴᠢᠨ ᠨᠢ ᠰᠠᠳᠬᠢᠯ ᠳᠤᠮᠳᠠᠭᠤᠷ ᠪᠤᠴᠠᠳᠠᠭ ᠭᠡᠨ᠎ᠡ᠃ ᠶᠠᠭ ᠡᠶᠢᠮᠦ ᠠᠴᠠ ᠴᠠᠭᠠᠨ ᠰᠠᠷ᠎ᠠ ᠪᠤᠯᠬᠤ ᠪᠠᠷ | ᠡᠨᠡᠬᠦ ︽ᠪᠠᠳᠤᠶᠤᠰᠤ︾ ᠳᠤ ᠤᠷᠢᠶᠠᠬᠳᠠᠵᠤ ᠬᠡᠳᠦ᠋ᠢᠴᠢᠨᠡᠭᠡᠨ ᠬᠦᠮᠦᠨ ᠡᠷᠡᠭᠦᠯ ᠪᠡᠶ᠎ᠡ ᠪᠠᠨ ᠬᠠᠶᠢᠬᠤᠷᠤᠯ ᠦᠭᠡᠢ | ᠠᠷᠢᠬᠢᠨ ᠰᠢᠷᠡᠭᠡᠨ ᠳᠡᠭᠡᠷ᠎ᠡ ︽ᠳᠠᠰᠢᠭᠤᠷ︾ ᠨᠡᠮᠡᠵᠤ ᠯᠡ ᠪᠠᠶᠢᠳᠠᠭ᠃ ᠤᠢᠢᠷ᠎ᠠ ᠶᠢᠨ ᠵᠢᠯ ᠠᠴᠠ ᠪᠠᠰᠠ ︽ᠬᠠᠮᠳᠤ | ᠰᠤᠷᠤᠬᠴᠢ ᠶᠢᠨ ᠴᠤᠬᠯᠠᠭᠠᠨ︾ ᠭᠡᠵᠤ ᠦᠳᠡᠯᠦᠭᠰᠡᠨ ᠵᠠᠯᠠᠭᠤ ᠶᠢᠨ ᠢᠯᠭᠠᠭ᠎ᠠ ᠦᠭᠡᠢ ᠶᠡᠭᠡ ᠬᠦᠯ ᠬᠦᠭᠡᠷᠴᠡᠭ ᠪᠤᠯᠬᠤ | ᠪᠤᠯᠤᠯ᠎ᠠ᠃ ᠡᠨᠡ ᠨᠢ ᠦᠨᠡᠨᠳᠡᠭᠡᠨ ᠬᠠᠮᠳᠤ ᠰᠤᠷᠤᠬᠴᠢ ᠶᠢᠨ ᠬᠠᠷᠢᠯᠴᠠᠭ᠎ᠠ ᠶᠠᠪᠤᠯᠴᠠᠭ᠎ᠠ ᠶᠢ ᠨᠢᠭᠲᠠᠷᠠᠭᠤᠯᠬᠤ ᠰᠠᠶᠢᠨ | ᠶᠠᠪᠤᠳᠠᠯ᠃ ᠭᠡᠪᠡᠴᠦ ᠵᠠᠷᠢᠮ ᠴᠤᠬᠯᠠᠭᠠᠨ ᠨᠢ ᠠᠷᠢᠬᠢᠨ ᠤ ᠭᠦᠨ ᠭᠤᠤ ᠳᠤ ︽ᠤᠨᠠᠵᠤ︾᠂ ᠠᠵᠢᠯ ᠶᠠᠪᠤᠳᠠᠯ᠂ | ᠠᠮᠢᠳᠤᠷᠠᠯ ᠠᠬᠤᠢ ᠶᠢ ᠰᠠᠭᠠᠳᠠᠭᠠᠵᠤ ᠪᠠᠶᠢᠳᠠᠭ ᠨᠢ ᠰᠤᠨᠤᠰᠳᠠᠵᠤ ᠪᠠᠶᠢᠨ᠎ᠠ᠃ ᠬᠡᠳᠦᠢ ᠵᠢᠯ ᠠᠭᠤᠯᠵᠠᠭ᠎ᠠ ᠦᠭᠡᠢ | ᠬᠡᠳᠦᠨ ᠬᠠᠮᠳᠤ ᠰᠤᠷᠤᠬᠴᠢ ᠲᠠᠢ ᠪᠠᠨ ᠠᠭᠤᠯᠵᠠᠭᠠᠳ ᠰᠡᠳᠬᠢᠯ ᠢᠶᠠᠨ ᠠᠭᠤᠵᠢᠷᠠᠳᠠᠯ᠎ᠠ ᠰᠠᠶᠢᠨ ᠨᠢᠭᠡ ᠵᠤᠭᠤᠬᠳᠠᠬᠤ ᠶᠢ | ᠪᠤᠳᠤᠬᠤ ᠦᠭᠡᠢ᠂ ᠬᠠᠷᠢᠨ ᠠᠷᠢᠬᠢ ᠪᠠᠷᠢᠵᠤ ᠱᠠᠯᠠᠬᠰᠠᠨ ᠳᠡᠭᠡᠷ᠎ᠡ ᠨᠢ ᠱᠠᠯᠠᠵᠤ ︽ᠡᠨᠡ ᠤᠷᠤᠢ ᠰᠤᠬᠳᠤᠬᠤ ᠦᠭᠡᠢ | ᠪᠤᠯ ᠬᠠᠷᠢᠬᠤ ᠦᠭᠡᠢ︾᠂ ︽ᠰᠡᠳᠬᠢᠯ ᠨᠢ ᠬᠤᠨᠳᠠᠭᠠᠨ ᠤ ᠢᠷᠤᠭᠠᠷ ᠲᠤ ᠪᠠᠶᠢᠨ᠎ᠠ︾ ᠭᠡᠬᠦ ᠮᠡᠳᠦ ᠪᠠᠷ ᠰᠢᠬᠠᠵᠦ | ᠳᠤᠯᠭᠠᠬᠤ ᠦᠵᠡᠭᠳᠡᠯ ᠳᠠᠩᠳᠠ ᠭᠠᠷᠴᠤ ᠪᠠᠶᠢᠳᠠᠭ᠃ ᠡᠨᠡ ᠨᠢ ᠬᠠᠮᠳᠤ ᠰᠤᠷᠤᠬᠴᠢ ᠶᠢᠨ ᠬᠠᠶᠢᠷ᠎ᠠ ᠰᠡᠳᠬᠢᠯᠭᠡ ᠶᠢ | ᠢᠯᠡᠳᠭᠡᠬᠦ ᠬᠡᠯᠪᠡᠷᠢ ᠪᠢᠰᠢ᠂ ᠬᠠᠷᠢᠨ ᠠᠷᠢᠬᠢᠨ ᠳᠤ ᠰᠢᠨᠤᠬᠰᠠᠨ ᠤᠴᠢᠷ ᠯᠠ ᠪᠠᠶᠢᠬ᠎ᠠ ᠡ᠃ | | | | | | | ᠠᠷᠢᠬᠢ ᠬᠡᠳᠦᠷᠡᠳᠡᠯ᠎ᠠ ᠤᠤᠭᠤᠭᠠᠳ ᠪᠡᠶ᠎ᠡ ᠪᠠᠨ ᠵᠤᠪᠠᠭᠠᠵᠤ᠂ ᠬᠤᠳᠤᠭᠤᠳᠤ ᠬᠡᠳᠡᠰᠦ ᠭᠡᠳ ᠡᠮ ᠡᠷᠢᠭᠡᠳ | ᠬᠦᠶᠦᠳᠡᠭ ᠬᠦᠮᠦᠨ ᠢ ᠤᠯᠠᠨ ᠬᠠᠷᠠᠯ᠎ᠠ᠃ ᠢᠡᠭᠬᠢᠵᠤ ᠶᠡᠭᠡ ᠵᠤᠪᠠᠭ᠋ᠤ ᠶᠢ ᠨᠢ ᠬᠠᠷᠠᠭᠠᠳ ᠲᠠᠬᠢᠵᠤ ᠯᠡ ᠤᠤᠭᠤᠬᠤ | ᠦᠭᠡᠢ ᠪᠠᠶᠢᠬ᠎ᠠ ᠭᠡᠵᠤ ᠪᠤᠳᠤᠬᠤ ᠳᠤ᠂ ᠳᠡᠮᠡᠢ ᠬᠤᠶᠠᠷ ᠡᠳᠤᠷ ᠪᠤᠯᠬᠤ ᠦᠭᠡᠢ ᠬᠤᠶᠠᠷ ᠭᠤᠷᠪᠠᠭᠤᠯᠠ ᠪᠠᠨ ᠨᠡᠶᠢᠯᠡᠪᠡᠯ | ᠳᠠᠬᠢᠭᠠᠳ ᠯᠡ ᠶᠡᠭᠡ ᠬᠦᠨᠳᠤᠷᠳᠡᠭ ᠬᠦᠮᠦᠰ ᠮᠤᠩ ᠦᠭᠡᠢ ᠪᠠᠶᠢᠳᠠᠭ᠃ ᠵᠠᠷᠢᠮ ᠨᠢ ᠠᠷᠢᠬᠢ ᠤᠤᠭᠤᠪᠠᠯ ᠰᠠᠶ᠋ᠢ ᠦᠨᠡᠨ | ᠰᠡᠳᠬᠢᠯ ᠤᠨ ᠦᠭᠡ ᠪᠠᠨ ᠶᠠᠷᠢᠵᠤ ᠳᠡᠶᠢᠯᠦᠨ᠎ᠡ ᠬᠡᠳᠡᠭ᠃ ᠡᠷᠡᠭᠦᠯ ᠰᠠᠷᠠᠭᠤᠯ ᠦᠶ᠎ᠡ ᠳᠡᠭᠡᠨ ᠶᠠᠷᠢᠵᠤ ᠴᠢᠳᠠᠬᠰᠠᠨ | ᠦᠭᠡᠢ ᠦᠭᠡ ᠶᠢ ᠠᠷᠢᠬᠢ ᠤᠤᠭᠤᠵᠤ ᠤᠬᠠᠭᠠᠨ ᠪᠠᠯᠠᠷᠠᠬᠤ ᠦᠶ᠎ᠡ ᠳᠤ ᠬᠡᠯᠡᠵᠤ ᠴᠢᠳᠠᠨ᠎ᠠ ᠭᠡᠵᠤ ᠢᠳᠡᠭᠡᠭᠳᠡᠰᠢ ᠦᠭᠡᠢ | ᠃ ᠢᠳᠡᠭᠡᠯ ᠵᠤᠷᠢᠭ ᠢ ᠪᠢᠳᠡᠭᠡᠢ ᠠᠷᠢᠬᠢᠨ ᠠᠴᠠ ᠭᠤᠶᠤᠭᠠᠷᠠᠢ︕ ︽ᠠᠷᠢᠬᠢᠨ ᠤ ᠬᠦᠮᠦᠨ ᠤ ᠦᠭᠡ ᠶᠢ ᠦᠭᠡᠨ ᠳᠤ | ᠪᠦᠦ ᠪᠤᠳᠤ︕︾ ᠭᠡᠳᠡᠭ ᠦᠭᠡ ᠪᠠᠰᠠ ᠪᠠᠶᠢᠳᠠᠭ ᠰᠢᠦ︕ ᠪᠤᠳᠤᠬᠰᠠᠨ ᠰᠠᠨᠠᠬᠰᠠᠨ ᠢᠶᠠᠨ ᠠᠷᠢᠬᠢ ᠦᠭᠡᠢ | ᠰᠠᠶᠢᠬᠠᠨ ᠬᠡᠯᠡᠪᠡᠯ ᠠᠷᠢᠬᠢᠨ ᠤ ᠳᠠᠷᠠᠭ᠎ᠠ ᠶᠠᠷᠢᠬᠰᠠᠨ ᠠᠴᠠ ᠢᠯᠡᠬᠦᠦ ᠦᠨᠡᠳᠡᠢ ᠪᠢᠰᠢᠤ⁈ ᠬᠠᠶᠢᠷ᠎ᠠ ᠰᠡᠳᠬᠢᠯᠭᠡ ᠪᠠ | ᠠᠷᠢᠬᠢ ᠬᠤᠶᠠᠷ ᠦᠨᠡᠨᠳᠡᠭᠡᠨ ᠰᠢᠭᠤᠳ ᠬᠠᠷᠢᠴᠠᠭ᠎ᠠ ᠪᠠᠶᠢᠭ᠎ᠠ ᠦᠭᠡᠢ᠃ ᠠᠷᠢᠬᠢ ᠪᠠ ᠬᠠᠶᠢᠷ᠎ᠠ ᠶᠢ ᠬᠤᠯᠪᠤᠵᠤ | ᠪᠡᠶ᠎ᠡ ᠪᠠᠨ ᠪᠢᠳᠡᠭᠡᠢ ᠬᠠᠷᠠᠳᠠᠭᠠᠷᠠᠢ︕ ᠪᠤᠰᠤᠳ ᠢ ᠨᠡᠩ ᠴᠤ ᠪᠢᠳᠡᠭᠡᠢ ᠱᠠᠯᠠᠵᠤ ᠰᠢᠬᠠᠭᠠᠷᠠᠢ︕ ᠦᠨᠡᠨ | ᠰᠡᠳᠬᠢᠯ ᠠᠴᠠ ᠪᠠᠨ ᠨᠦᠭᠦᠭᠡᠳᠡᠬᠢ ᠪᠠᠨ ᠪᠤᠳᠤᠵᠤ ᠰᠠᠨᠠᠵᠤ ᠪᠠᠶᠢᠬᠤ ᠶᠤᠮ ᠪᠤᠯ᠂ ᠲᠡᠬᠦᠨ ᠤ ᠡᠷᠡᠭᠦᠯ ᠮᠡᠨᠳᠦ᠂ ᠡᠩᠭᠡ | ᠠᠮᠤᠭᠤᠯᠠᠩ ᠤᠨ ᠲᠦᠯᠦᠭᠡ ᠠᠷᠢᠬᠢ ᠳᠤᠲᠠᠭᠤ ᠡᠳ᠋ᠯᠡᠵᠦ᠂ ᠡᠷᠡᠭᠦᠯ ᠰᠠᠷᠠᠭᠤᠯ ᠠᠮᠢᠳᠤᠷᠠᠬᠤ ᠶᠢ ᠨᠢ ᠢᠳᠬᠠᠵᠤ᠂ | ᠵᠦᠩᠨᠡᠵᠦ ᠶᠠᠪᠤᠭᠠᠷᠠᠢ︕ |