ᠨᠢᠭᠡ᠂ ᠮᠡᠷᠭᠡᠵᠢᠯ ᠤᠨ ᠲᠣᠶᠢᠮᠣᠴᠢᠯᠠᠯ | ᠬᠤᠷᠠᠭ᠎ᠠ ᠵᠢᠴᠢ ᠪᠡᠯᠡᠳᠬᠡᠯ ᠬᠤᠨᠢ ᠪᠣᠯ ᠬᠤᠨᠢᠨ ᠤ ᠠᠵᠤ ᠦᠢᠯᠡᠰ ᠤᠨ ᠰᠠᠭᠤᠷᠢ ᠪᠣᠯᠣᠨ᠎ᠠ᠃ ᠬᠤᠷᠠᠭ᠎ᠠ | ᠪᠣᠶᠢᠵᠢᠭᠤᠯᠬᠤ ᠳᠤ ᠪᠣᠳᠠᠲᠠᠢ ᠣᠷᠣᠰᠢᠵᠤ ᠪᠠᠶᠢᠭ᠎ᠠ ᠭᠤᠣᠯ ᠠᠰᠠᠭᠤᠳᠠᠯ ᠭᠡᠪᠡᠯ᠂ ᠬᠥᠬᠦᠭᠦᠯᠬᠦ ᠬᠤᠭᠤᠴᠠᠭ᠎ᠠ ᠨᠢ 90 | ᠡᠳᠦᠷ ᠪᠠᠶᠢᠳᠠᠭ ᠴᠦ ᠪᠤᠶᠢᠵᠢᠯᠳᠠ ᠶᠢᠨ ᠨᠣᠷᠮ᠎ᠠ ᠨᠢ 80% ᠬᠦᠷᠳᠡᠭ ᠦᠭᠡᠢ᠂ ᠬᠦᠨᠳᠦ ᠶᠢᠨ ᠨᠡᠮᠡᠭᠳᠡᠯ ᠨᠢ ᠤᠳᠠᠭᠠᠨ᠂ | ᠵᠠᠷᠤᠴᠠᠭᠤᠯᠤᠯᠲᠠ ᠶᠢᠨ ᠨᠣᠷᠮ᠎ᠠ ᠨᠢ ᠳᠣᠣᠷ᠎ᠠ ︵ᠶᠡᠷᠦ ᠳᠡᠭᠡᠨ 12 ᠰᠠᠷ᠎ᠠ ᠬᠡᠷᠡᠭᠰᠡᠨ᠎ᠡ︶᠂ ᠴᠢᠨᠠᠷ ᠰᠠᠶᠢᠲᠠᠢ ᠪᠡᠯᠡᠳᠬᠡᠯ | ᠬᠤᠨᠢᠨ ᠤ ᠢᠷᠡᠯᠲᠡ ᠨᠢ ᠬᠦᠷᠦᠯᠴᠡᠬᠦ ᠦᠭᠡᠢ ᠠᠴᠠ ᠪᠣᠯᠵᠤ᠂ ᠠᠵᠤ ᠦᠢᠯᠡᠰ ᠤᠨ ᠬᠥᠭᠵᠢᠯᠲᠡ ᠳᠤ ᠪᠡᠯᠡᠳᠬᠡᠯ | ᠬᠦᠴᠦᠨ ᠲᠤᠲᠠᠭᠳᠠᠵᠤ᠂ ᠵᠠᠬ᠎ᠠ ᠳᠡᠯᠭᠡᠭᠦᠷ ᠤᠨ ᠥᠷᠢᠰᠦᠯᠳᠦᠬᠦ ᠬᠦᠴᠦᠨ ᠳᠣᠣᠷ᠎ᠠ᠂ ᠮᠠᠯᠴᠢᠨ ᠲᠠᠷᠢᠶᠠᠴᠢᠨ ᠤ ᠲᠡᠵᠢᠭᠡᠨ | ᠦᠷᠡᠵᠢᠭᠦᠯᠬᠦ ᠦᠷ᠎ᠡ ᠠᠰᠢᠭ ᠳᠣᠣᠷ᠎ᠠ ᠪᠣᠯᠵᠤ᠂ ᠠᠵᠤ ᠦᠢᠯᠡᠰ ᠤᠨ ᠡᠷᠡᠭᠦᠯ ᠢᠶᠠᠷ ᠬᠥᠭᠵᠢᠬᠦ ᠶᠢ ᠰᠢᠭᠤᠳ | ᠨᠥᠯᠥᠭᠡᠯᠡᠳᠡᠭ᠃ ︽ᠬᠤᠷᠠᠭ᠎ᠠ ᠶᠢ ᠡᠬᠡ ᠠᠴᠠ ᠨᠢ ᠰᠠᠯᠭᠠᠭᠰᠠᠨ ᠡᠬᠢᠨ ᠤ ᠬᠤᠭᠤᠴᠠᠭ᠎ᠠ ᠪᠠ ᠤᠭᠵᠢᠬᠤ ᠮᠡᠷᠭᠡᠵᠢᠯ︾ ᠢ | 2000 ᠣᠨ ᠠᠴᠠ ᠡᠬᠢᠯᠡᠨ ᠰᠤᠳᠤᠯᠵᠤ᠂ ᠣᠳᠣᠬᠠᠨ ᠳᠤ ᠨᠢᠭᠡᠨᠲᠡ ᠨᠢᠭᠡ ᠢᠵᠢ ᠬᠤᠷᠠᠭᠠᠨ ᠤ ᠰᠦ ᠶᠢ | ᠣᠷᠣᠯᠠᠭᠤᠯᠬᠤ ᠦᠢᠯᠡᠳᠬᠦᠨ ᠢ ᠰᠤᠳᠤᠯᠤᠨ ᠨᠡᠭᠡᠭᠡᠬᠦ᠂ ᠲᠡᠵᠢᠭᠡᠬᠦ ᠳᠤ ᠰᠠᠭᠤᠷᠢᠯᠠᠭᠰᠠᠨ ᠠᠩᠬᠠᠨ ᠤ ᠬᠤᠭᠤᠴᠠᠭᠠᠨ ᠤ | ᠰᠦ ᠠᠴᠠ ᠨᠢ ᠰᠠᠯᠭᠠᠬᠤ ᠡᠷᠡᠭᠦᠯ ᠢᠶᠠᠷ ᠪᠣᠶᠢᠵᠢᠭᠤᠯᠬᠤ ᠮᠡᠷᠭᠡᠵᠢᠯ ᠤᠨ ᠰᠢᠰᠲ᠋ᠧᠮ ᠢ ᠪᠠᠶᠢᠭᠤᠯᠵᠤ᠂ ᠲᠣᠰ ᠮᠡᠷᠭᠡᠵᠢᠯ ᠢ | ᠪᠥᠬᠦ ᠤᠯᠤᠰ ᠲᠤ 10 ᠭᠠᠷᠤᠢ ᠵᠢᠯ ᠳᠡᠯᠭᠡᠷᠡᠭᠦᠯᠦᠨ ᠬᠡᠷᠡᠭᠯᠡᠭᠡᠳ ᠬᠤᠨᠢ ᠲᠡᠵᠢᠭᠡᠬᠦ ᠡᠷᠦᠬᠡ ᠳᠤ ᠮᠡᠳᠡᠷᠡᠭᠳᠡᠵᠦ᠂ | ᠬᠤᠷᠠᠭ᠎ᠠ ᠶᠢᠨ ᠪᠤᠶᠢᠵᠢᠯᠳᠠ ᠶᠢᠨ ᠨᠣᠷᠮ᠎ᠠ ᠶᠢ ᠳᠡᠭᠡᠭᠰᠢᠯᠡᠭᠦᠯᠬᠦ ᠬᠠᠮᠤᠭ ᠤᠨ ᠲᠡᠷᠢᠭᠦᠨ ᠰᠣᠩᠭᠤᠯᠲᠠ ᠶᠢᠨ ᠮᠡᠷᠭᠡᠵᠢᠯ | ᠪᠣᠯᠤᠭᠰᠠᠨ ᠪᠠᠶᠢᠨ᠎ᠠ᠃ | ᠬᠤᠶᠠᠷ᠂ ᠮᠡᠷᠭᠡᠵᠢᠯ ᠤᠨ ᠭᠤᠣᠯᠳᠠᠯᠭ᠎ᠠ | ᠰᠦ ᠶᠢ ᠣᠷᠣᠯᠠᠭᠤᠯᠬᠤ ᠦᠢᠯᠡᠳᠬᠦᠨ ᠢᠶᠠᠷ ᠲᠡᠵᠢᠭᠡᠬᠦ ᠠᠷᠭ᠎ᠠ ᠪᠠ ᠡᠳᠦᠷ ᠤᠨ ᠪᠣᠷᠳᠤᠭ᠎ᠠ ᠶᠢ ᠨᠠᠶᠢᠷᠠᠭᠤᠯᠬᠤ | ᠮᠡᠷᠭᠡᠵᠢᠯ᠃ ᠬᠤᠷᠠᠭ᠎ᠠ ᠲᠥᠯᠯᠡᠭᠰᠡᠨ ᠤ ᠳᠠᠷᠠᠭᠠᠬᠢ 1~7 ᠡᠳᠦᠷ ᠤᠨ ᠬᠤᠭᠤᠴᠠᠭᠠᠨ ᠳᠤ ᠡᠬᠡ ᠪᠠᠨ ᠬᠥᠬᠦᠵᠦ᠂ | 7~14 ᠡᠳᠦᠷ ᠤᠨ ᠬᠤᠭᠤᠴᠠᠭᠠᠨ ᠳᠤ ᠡᠬᠡ ᠶᠢᠨ ᠰᠦ ᠪᠠ ᠰᠦ ᠶᠢ ᠣᠷᠣᠯᠠᠭᠤᠯᠬᠤ ᠦᠢᠯᠡᠳᠬᠦᠨ ᠢᠶᠠᠷ ᠲᠡᠵᠢᠭᠡᠬᠦ | ᠰᠢᠯᠵᠢᠯᠲᠡ ᠶᠢᠨ ᠬᠤᠭᠤᠴᠠᠭ᠎ᠠ ᠶᠢ ᠥᠩᠭᠡᠷᠡᠭᠡᠨ᠂ 15 ᠡᠳᠦᠷ ᠤᠨ ᠬᠤᠭᠤᠴᠠᠭᠠᠨ ᠳᠤ ᠡᠬᠡ ᠶᠢᠨ ᠰᠦ ᠠᠴᠠ ᠨᠢ | ᠰᠠᠯᠭᠠᠵᠤ ᠰᠦ ᠶᠢ ᠣᠷᠣᠯᠠᠭᠤᠯᠬᠤ ᠦᠢᠯᠡᠳᠬᠦᠨ ᠢᠶᠠᠷ ᠲᠡᠵᠢᠭᠡᠵᠦ᠂ 20 ᠡᠳᠦᠷ ᠤᠨ ᠬᠤᠭᠤᠴᠠᠭᠠᠨ ᠳᠤ ᠬᠤᠷᠠᠭᠠᠨ ᠤ | ᠵᠠᠳᠠᠭᠠᠢ ᠪᠣᠷᠳᠤᠭ᠎ᠠ ᠶᠢ ᠳᠤᠷ᠎ᠠ ᠪᠠᠷ ᠨᠢ ᠢᠳᠡᠭᠦᠯᠦᠨ᠎ᠡ᠃ ᠪᠣᠳᠠᠲᠠᠢ ᠠᠷᠭ᠎ᠠ ᠨᠢ ᠳᠣᠣᠷᠠᠬᠢ ᠮᠡᠲᠦ᠄ ᠰᠦ ᠶᠢ | ᠣᠷᠣᠯᠠᠭᠤᠯᠬᠤ ᠲᠠᠯᠬ᠎ᠠ ᠢᠶᠠᠷ ᠲᠡᠵᠢᠭᠡᠬᠦ ᠠᠴᠠ ᠡᠮᠦᠨ᠎ᠡ ᠪᠤᠴᠠᠯᠤᠭᠰᠠᠨ ᠤ ᠳᠠᠷᠠᠭ᠎ᠠ ᠬᠥᠷᠥᠭᠡᠭᠡᠳ 50℃ ᠪᠣᠯᠬᠤ | ᠬᠠᠯᠠᠭᠤᠨ ᠤᠰᠤ ᠪᠠᠷ ᠰᠦᠨ ᠲᠠᠯᠬ᠎ᠠ᠄ ᠤᠰᠤ =1᠄ ︵5 ~ 7︶ ᠬᠠᠷᠢᠴᠠᠯ ᠢᠶᠠᠷ ᠳᠡᠪᠲᠦᠭᠡᠵᠦ᠂ ᠳᠠᠬᠢᠨ | ᠬᠥᠷᠥᠭᠡᠭᠡᠳ 40℃ ᠣᠷᠴᠢᠮ ᠪᠣᠯᠭᠠᠭᠠᠳ ᠲᠡᠵᠢᠭᠡᠨ᠎ᠡ᠃ ᠲᠡᠵᠢᠭᠡᠭᠰᠡᠨ ᠤ ᠳᠠᠷᠠᠭ᠎ᠠ ᠴᠡᠪᠡᠷ ᠠᠯᠴᠢᠭᠤᠷ ᠢᠶᠠᠷ | ᠬᠤᠷᠠᠭᠠᠨ ᠤ ᠵᠠᠪᠠᠵᠢ ᠳᠤ ᠨᠠᠭᠠᠯᠳᠤᠭᠰᠠᠨ ᠰᠦᠨ ᠰᠢᠩᠭᠡᠨ ᠢ ᠵᠦᠯᠭᠦᠵᠦ ᠴᠡᠪᠡᠷᠯᠡᠨ᠎ᠡ᠃ ᠬᠤᠷᠠᠭᠠᠨ ᠤ ᠥᠰᠦᠯᠲᠡ | ᠪᠤᠶᠢᠵᠢᠯᠲᠠ ᠶᠢᠨ ᠪᠠᠶᠢᠳᠠᠯ ᠢ ᠦᠨᠳᠦᠰᠦᠯᠡᠨ 60 ~ 90 ᠡᠳᠦᠷ ᠤᠨ ᠬᠤᠭᠤᠴᠠᠭᠠᠨ ᠳᠤ ᠰᠦ ᠶᠢ ᠣᠷᠣᠯᠠᠭᠤᠯᠬᠤ | ᠦᠢᠯᠡᠳᠬᠦᠨ ᠪᠤᠶᠤ ᠰᠢᠩᠭᠡᠨ ᠪᠡᠶᠡᠲᠦ ᠲᠡᠵᠢᠭᠡᠯ ᠢ ᠵᠣᠭᠰᠣᠭᠠᠵᠤ᠂ ︽ᠪᠡᠯᠴᠢᠭᠡᠷᠯᠡᠭᠦᠯᠬᠦ + ᠲᠡᠵᠢᠭᠡᠯ ᠨᠥᠬᠦᠪᠦᠷᠢᠯᠡᠬᠦ︾ | ᠲᠠᠷᠭᠤᠯᠠᠭᠤᠯᠬᠤ ᠬᠤᠭᠤᠴᠠᠭᠠᠨ ᠳᠤ ᠣᠷᠣᠭᠤᠯᠤᠨ᠎ᠠ᠂ ᠬᠤᠷᠠᠭᠠᠨ ᠤ ᠥᠰᠦᠯᠲᠡ ᠪᠤᠶᠢᠵᠢᠯᠲᠠ ᠪᠣᠯᠣᠨ ᠪᠡᠶ᠎ᠡ ᠶᠢᠨ | ᠬᠦᠨᠳᠦ ᠶᠢᠨ ᠬᠤᠪᠢᠷᠠᠯᠲᠠ ᠶᠢ ᠦᠨᠳᠦᠰᠦᠯᠡᠨ ᠲᠡᠵᠢᠭᠡᠯ ᠪᠣᠷᠳᠤᠭ᠎ᠠ ᠨᠥᠬᠦᠪᠦᠷᠢᠯᠡᠬᠦ ᠬᠡᠮᠵᠢᠶ᠎ᠡ ᠪᠠᠨ ᠢᠳᠡᠭ | ᠢᠳᠡᠭ ᠢᠶᠠᠷ ᠨᠡᠮᠡᠭᠳᠡᠭᠦᠯᠵᠦ᠂ 6 ᠰᠠᠷ᠎ᠠ ᠪᠣᠯᠤᠭᠰᠠᠨ ᠤ ᠳᠠᠷᠠᠭ᠎ᠠ ᠵᠠᠷᠤᠴᠠᠭᠤᠯᠤᠯᠲᠠ ᠳᠤ ᠣᠷᠣᠭᠤᠯᠤᠨ᠎ᠠ᠃ ᠬᠤᠷᠠᠭᠠᠨ ᠤ | ᠵᠠᠳᠠᠭᠠᠢ ᠪᠣᠷᠳᠣᠭᠠᠨ ᠤ ᠢᠳᠡᠰᠢᠨ ᠤ ᠨᠠᠶᠢᠷᠠᠯᠭ᠎ᠠ ᠨᠢ ᠡᠷᠳᠡᠨᠢ ᠰᠢᠰᠢ 70%᠂ ᠰᠢᠬᠠᠳᠠᠰᠤ ᠶᠢᠨ ᠲᠦᠷᠦᠯ 20%᠂ | ᠬᠡᠪᠡᠭ 5%᠂ ᠬᠤᠯᠢᠮᠠᠭ ᠰᠢᠭᠠᠷᠤ 3.5%᠂ ᠳᠠᠪᠤᠰᠤ 0.5%᠂ ᠸᠢᠲ᠋ᠠᠮᠢᠨ ᠪᠣᠯᠣᠨ ᠪᠢᠴᠢᠯ ᠡᠯᠧᠮᠧᠨ᠋ᠲ ᠤᠨ | ᠬᠤᠯᠢᠮᠠᠭ ᠲᠡᠵᠢᠭᠡᠯ ᠪᠣᠷᠳᠤᠭ᠎ᠠ 1%᠃ ᠬᠤᠨᠤᠭ ᠤᠨ ᠲᠡᠵᠢᠭᠡᠯ ᠤᠨ ᠨᠠᠶᠢᠷᠠᠯᠭ᠎ᠠ ᠶᠢ ᠬᠤᠷᠠᠭᠠᠨ ᠤ ᠪᠡᠶ᠎ᠡ ᠶᠢᠨ | ᠪᠠᠶᠢᠳᠠᠯ ᠢ ᠦᠨᠳᠦᠰᠦᠯᠡᠨ ᠲᠣᠬᠢᠷᠠᠭᠤᠯᠵᠤ᠂ ᠲᠦᠷᠭᠡᠨ ᠥᠰᠦᠯᠲᠡ ᠪᠠ ᠪᠤᠶᠢᠵᠢᠯᠳᠠ ᠶᠢᠨ ᠱᠠᠭᠠᠷᠳᠠᠯᠭ᠎ᠠ ᠶᠢ ᠬᠠᠩᠭᠠᠨ᠎ᠠ᠃ | |