| ᠨᠢᠭᠡ᠂ ᠪᠣᠷᠳᠣᠭᠤᠷ ᠣᠷᠣᠭᠤᠯᠬᠤ ᠳᠤ ᠣᠷᠣᠰᠢᠵᠤ ᠪᠠᠶᠢᠭ᠎ᠠ ᠠᠰᠠᠭᠤᠳᠠᠯ ᠪᠠ ᠪᠣᠷᠳᠣᠭᠤᠷ ᠣᠷᠣᠭᠤᠯᠬᠤ | ᠵᠠᠷᠴᠢᠮ ᠰᠠᠭᠠᠭ ᠲᠤ ᠣᠷᠭᠠᠨᠢᠭ ᠪᠣᠷᠳᠣᠭᠤᠷ ᠢ ᠬᠡᠷᠡᠭᠯᠡᠭᠰᠡᠨ ᠨᠢ ᠳᠤᠲᠠᠮᠠᠭ᠂ ᠴᠢᠨᠠᠭᠰᠢᠯᠠᠪᠠᠯ ᠣᠷᠭᠠᠨᠢᠭ ᠪᠣᠷᠳᠣᠭᠤᠷ ᠢ | ᠬᠡᠷᠡᠭᠯᠡᠬᠦ ᠦᠭᠡᠢ᠂ ᠠᠽᠣᠲ ᠪᠣᠷᠳᠣᠭᠤᠷ ᠢ ᠶᠡᠭᠡ ᠬᠡᠮᠵᠢᠶ᠎ᠡ ᠪᠠᠷ ᠬᠡᠷᠡᠭᠯᠡᠬᠦ᠂ ᠺᠠᠯᠢ ᠶᠢᠨ ᠪᠣᠷᠳᠣᠭᠤᠷ ᠢ | ᠦᠨᠳᠦᠰᠦᠨ ᠳᠤ ᠪᠠᠨ ᠬᠡᠷᠡᠭᠯᠡᠬᠦ ᠦᠭᠡᠢ ᠵᠡᠷᠭᠡ ᠭᠤᠣᠯ ᠠᠰᠠᠭᠤᠳᠠᠯ ᠳᠤ ᠴᠢᠭᠯᠡᠭᠦᠯᠦᠨ᠂ ᠶᠡᠷᠦᠩᠬᠡᠢ ᠳᠤ ᠨᠢ ᠪᠣᠷᠳᠣᠭᠤᠷ | ᠣᠷᠣᠭᠤᠯᠬᠤ ᠲᠠᠯ᠎ᠠ ᠪᠠᠷ ᠳᠣᠣᠷᠠᠬᠢ ᠵᠠᠷᠴᠢᠮ ᠤᠳ ᠢ ᠳᠤᠷᠠᠳᠪᠠ᠄ | 1. ᠰᠠᠭᠤᠷᠢ ᠪᠣᠷᠳᠣᠭᠤᠷ ᠣᠷᠣᠭᠤᠯᠬᠤ ᠬᠠᠷᠢᠴᠠᠯ ᠢ ᠨᠡᠮᠡᠭᠳᠡᠭᠦᠯᠵᠦ᠂ ᠮᠦ ᠪᠦᠷᠢ ᠳᠤ 1000~2000 ᠺᠢᠯᠣᠭ᠍ᠷᠠᠮ | ᠣᠷᠣᠭᠤᠯᠪᠠᠯ ᠵᠣᠬᠢᠨ᠎ᠠ︔ | 2. ᠬᠥᠷᠥᠰᠥ ᠰᠢᠷᠣᠢ ᠶᠢᠨ ᠥᠩ ᠰᠢᠮ᠎ᠡ ᠶᠢᠨ ᠨᠥᠬᠦᠴᠡᠯ ᠢ ᠦᠨᠳᠦᠰᠦᠯᠡᠨ᠂ ᠠᠽᠣᠲ ᠪᠣᠷᠳᠣᠭᠤᠷ ᠬᠡᠷᠡᠭᠯᠡᠬᠦ | ᠬᠡᠮᠵᠢᠶ᠎ᠡ ᠶᠢ ᠵᠣᠬᠢᠰᠲᠠᠢ ᠪᠠᠷ ᠲᠣᠬᠢᠷᠠᠭᠤᠯᠤᠨ ᠪᠠᠭᠠᠰᠬᠠᠵᠤ᠂ ᠺᠠᠯᠢ ᠪᠣᠷᠳᠣᠭᠤᠷ ᠣᠷᠣᠭᠤᠯᠤᠨ᠎ᠠ᠃ | ᠬᠤᠶᠠᠷ᠂ ᠪᠣᠷᠳᠣᠭᠤᠷ ᠣᠷᠣᠭᠤᠯᠬᠤ ᠰᠠᠨᠠᠭᠤᠯᠭ᠎ᠠ ︵ᠳᠣᠣᠷ᠎ᠠ ᠳᠤᠷᠠᠳᠤᠭᠰᠠᠨ ᠪᠣᠷᠳᠣᠭᠤᠷ ᠣᠷᠣᠭᠤᠯᠬᠤ | ᠬᠡᠮᠵᠢᠶ᠎ᠡ ᠶᠢ ᠴᠥᠮ ᠴᠡᠪᠡᠷ ᠬᠡᠮᠵᠢᠶ᠎ᠡ ᠪᠠᠷ ᠪᠠᠶᠢᠯᠭᠠᠬᠤ ᠪᠠᠷ ᠰᠠᠨᠠᠭᠤᠯᠤᠶ᠎ᠠ︶ | 1. ᠮᠦ ᠪᠦᠷᠢ ᠳᠤ 100~150 ᠺᠢᠯᠣᠭ᠍ᠷᠠᠮ ᠤᠨᠠᠯᠳᠠ ᠲᠠᠢ ᠰᠠᠭᠠᠭ ᠤᠨ ᠲᠠᠷᠢᠶᠠᠨ ᠭᠠᠵᠠᠷ ᠲᠤ᠂ ᠠᠽᠣᠲ | ᠪᠣᠷᠳᠣᠭᠤᠷ ︵N︶ 4~7 ᠺᠢᠯᠣᠭ᠍ᠷᠠᠮ᠂ ᠹᠣᠰᠹᠣᠷ ᠪᠣᠷᠳᠣᠭᠤᠷ ︵P2O5︶ 1~5 ᠺᠢᠯᠣᠭ᠍ᠷᠠᠮ᠂ ᠺᠠᠯᠢ ᠪᠣᠷᠳᠣᠭᠤᠷ | ︵K2O︶ 1~3 ᠺᠢᠯᠣᠭ᠍ᠷᠠᠮ ᠬᠡᠷᠡᠭᠯᠡᠵᠦ ᠪᠣᠯᠣᠨ᠎ᠠ᠃ | 2. ᠰᠠᠭᠠᠭ ᠤᠨ ᠤᠨᠠᠯᠳᠠ ᠨᠢ ᠬᠡᠷᠪᠡ ᠮᠦ ᠪᠦᠷᠢ ᠳᠤ 150 ᠺᠢᠯᠣᠭ᠍ᠷᠠᠮ ᠠᠴᠠ ᠳᠡᠭᠡᠭᠰᠢ ᠪᠠᠶᠢᠪᠠᠯ ᠠᠽᠣᠲ | ᠪᠣᠷᠳᠣᠭᠤᠷ ︵N︶ 7~10 ᠺᠢᠯᠣᠭ᠍ᠷᠠᠮ᠂ ᠹᠣᠰᠹᠣᠷ ᠪᠣᠷᠳᠣᠭᠤᠷ ︵P2O5︶ 5~7 ᠺᠢᠯᠣᠭ᠍ᠷᠠᠮ᠂ ᠺᠠᠯᠢ ᠶᠢᠨ | ᠪᠣᠷᠳᠣᠭᠤᠷ ︵K2O︶ 3~4 ᠺᠢᠯᠣᠭ᠍ᠷᠠᠮ ᠬᠡᠷᠡᠭᠯᠡᠵᠦ ᠪᠣᠯᠣᠨ᠎ᠠ᠃ ᠴᠡᠪᠡᠷ ᠬᠡᠮᠵᠢᠶ᠎ᠡ ᠶᠢ ᠰᠣᠯᠢᠵᠤ ᠪᠤᠳᠤᠬᠤ | ᠠᠷᠭ᠎ᠠ ᠶᠢ ᠡᠷᠳᠡᠨᠢ ᠰᠢᠰᠢ ᠶᠢᠨ ᠪᠣᠷᠳᠣᠭᠤᠷ ᠣᠷᠣᠭᠤᠯᠬᠤ ᠬᠡᠮᠵᠢᠶ᠎ᠡ ᠶᠢ ᠰᠣᠯᠢᠵᠤ ᠪᠤᠳᠤᠬᠤ ᠠᠷᠭ᠎ᠠ ᠪᠠᠷ ᠯᠠᠪᠯᠠᠯᠲᠠ | ᠪᠣᠯᠭᠠᠨ᠎ᠠ᠃ |