ᠡᠳᠡᠭᠡᠷ ᠭᠦᠮᠦᠰ ᠲᠤ ᠳᠤᠤᠷ᠎ᠠ ᠣᠷᠣ ᠣᠷᠢᠳ ᠢᠶᠠᠷ ᠲᠣᠬᠢᠷᠠᠭᠤᠯᠵᠣ ᠦᠭᠭᠦᠨ᠎ᠡ
ᠨᠡᠶᠢᠲᠡᠯᠡᠭᠰᠡᠨ ᠴᠠᠭ᠄
2021/3/16
     ᠳᠣᠮᠳᠠᠳᠣ ᠣᠯᠣᠰ ᠤᠨ ᠲᠡᠮᠥᠷ ᠵᠠᠮ ᠤᠨ11 ᠤ ᠡᠳᠥᠷ ᠤᠨ ᠮᠡᠳᠡᠭᠡ ᠶᠢ ᠦᠨᠳᠦᠰᠦᠯᠡᠪᠡᠯ᠂ ᠲᠡᠮᠦᠷ ᠵᠠᠮ ᠤᠨ  ᠬᠢᠨ1206 ᠰᠦᠯᠵᠢᠶ᠎ᠡ ᠪᠠᠷ ᠪᠢᠯᠧᠲ ᠬᠤᠳᠠᠯᠳᠣᠬᠤ ᠰᠢᠰᠲ᠋ᠧᠮ ᠢᠶᠠᠨ ᠰᠢᠯᠢᠳᠡᠭᠵᠢᠭᠦᠯᠦᠨ ᠲᠣᠬᠢᠷᠠᠭᠤᠯᠵᠣ᠂ ᠪᠢᠯᠧᠲ   ᠤᠨ ᠲᠤᠭ᠎ᠠ ᠬᠦᠢᠴᠡᠳ ᠪᠠᠶᠢᠬᠤ ᠳᠣᠣᠷ᠎ᠠ᠂60 ᠨᠠᠰᠦ ᠶᠢ ᠲᠠᠪᠠᠭᠰᠠᠨ  ᠠᠶᠠᠨᠴᠢᠨ ᠢ ᠠᠦ᠋ᠲ᠋ᠣ᠋ ᠪᠠᠷ ᠢᠯᠭᠠᠨ ᠲᠠᠨᠢᠬᠤ ᠶᠢᠨ ᠬᠠᠮᠳᠣ ᠳᠣᠣᠷ᠎ᠠ ᠣᠷᠣ ᠣᠷᠢᠳ ᠢᠶᠠᠷ ᠲᠣᠬᠢᠷᠠᠭᠤᠯᠵᠣ ᠦᠭᠭᠦᠨ᠎ᠡ᠃ ᠬᠡᠷᠪᠡ ᠣᠯᠠᠨ ᠬᠦᠮᠦᠨ ᠬᠠᠮᠳᠣ ᠪᠠᠷ ᠠᠶᠠᠯᠠᠬᠤ ᠪᠠᠷ ᠨᠢᠭᠡ ᠬᠤᠪᠢ ᠵᠠᠬᠢᠶᠠᠯᠠᠭ᠎ᠠ ᠬᠢᠭᠰᠡᠨ ᠪᠣᠯ ᠰᠢᠰᠲ᠋ᠧᠮ ᠨᠢ ᠪᠠᠰᠠ ᠠᠦ᠋ᠲ᠋ᠣ᠋ ᠪᠠᠷ ᠢᠯᠭᠠᠨ ᠲᠠᠨᠢᠵᠣ ᠵᠡᠷᠭᠡᠯᠡᠳᠡᠭᠡ ᠰᠠᠭᠤᠳᠠᠯ ᠢ ᠬᠤᠪᠢᠶᠠᠷᠢᠯᠠᠵᠣ ᠦᠭᠭᠦᠨ᠎ᠡ ᠭᠡᠪᠡ᠃      ᠲᠡᠶᠢᠮᠦ ᠠᠴᠠ᠂ ᠨᠠᠰᠦᠲᠠᠢ ᠬᠦᠮᠦᠰ ᠲᠤ ᠳᠣᠣᠷ᠎ᠠ ᠣᠷᠣ ᠢᠨ‌‍ᠪᠢᠯᠧᠲ ᠬᠤᠳᠠᠯᠳᠤᠨ ᠠᠪᠴᠦ ᠦᠭᠬᠦ ᠰᠠᠨᠠᠭᠠᠲᠠᠢ ᠨᠠᠶᠢᠵᠠ ᠨᠠᠷ ᠣᠷᠢᠳᠴᠢᠯᠡᠨ ᠠᠶᠠᠨ ᠵᠠᠮ ᠢᠶᠠᠨ ᠲᠦᠯᠦᠪᠯᠡᠵᠦ᠂ ᠡᠷᠲᠡᠬᠡᠨ ᠭᠠᠯᠳᠣ ᠲᠡᠷᠭᠡᠨ ᠤ ᠪᠢᠯᠧᠲ ᠬᠤᠳᠠᠯᠳᠤᠨ ᠠᠪᠬᠤ ᠶᠢ ᠰᠠᠨᠠᠭᠤᠯᠣᠶ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1