ᠢᠩᠭᠡ ᠪᠠ ᠰᠦ | ᠢᠩᠭᠡ ᠭᠡᠳᠡᠭ ᠨᠢ ᠦᠷᠡᠵᠢᠯ ᠤᠨ ᠴᠢᠳᠠᠪᠤᠷᠢᠳᠡᠢ ᠡᠮ᠎ᠡ ᠬᠦᠢᠰᠦᠳᠡᠢ ᠳᠡᠮᠡᠭᠡ ᠶᠢ ᠭᠡᠯᠡᠨ᠎ᠡ᠃ ᠢᠩᠭᠡᠨ ᠳᠡᠮᠡᠭᠡ | ᠨᠠᠰᠣ ᠬᠦᠢᠴᠡᠮᠡᠭᠴᠡ ᠳᠠᠷᠤᠢ ᠪᠡᠯᠭᠡ ᠪᠤᠯᠪᠠᠰᠣᠷᠠᠨ ᠣᠷᠤᠭ᠎ᠠ ᠪᠣᠳᠣᠭᠤᠯᠠᠵᠣ ᠡᠬᠢᠯᠡᠳᠡᠭ᠃ ᠢᠩᠭᠡ ᠪᠤᠳᠤᠭᠤᠯᠠᠪᠠᠯ | ᠰᠠᠶ᠋ᠢ ᠰᠠᠭᠠᠵᠤ ᠪᠤᠯᠤᠨ᠎ᠠ᠃ | ᠢᠩᠭᠡᠨ ᠤ ᠰᠦ ᠴᠠᠭᠠᠨ ᠦᠩᠭᠡᠳᠡᠢ᠂ ᠦᠳᠭᠡᠨ ᠪᠦᠭᠡᠳ ᠨᠢᠯᠦᠭᠤᠪᠳᠣᠷ ᠠᠮᠳᠠᠳᠠᠢ᠃ ᠪᠤᠰᠣᠳ | ᠮᠠᠯ ᠤᠨ ᠬᠢ ᠲᠠᠢ ᠠᠳᠠᠯᠢ ᠪᠠᠷ ᠦᠭᠡᠬᠦ ᠳᠣᠰᠣ᠂ ᠣᠭᠤᠷᠠᠭ᠂ ᠰᠢᠬᠢᠷ᠂ ᠸᠢᠲ᠋ᠠᠮᠢᠨ᠂ ᠡᠷᠦᠳᠡᠰᠣ ᠪᠣᠳᠠᠰ ᠵᠡᠷᠭᠡ ᠶᠢ | ᠪᠠᠭᠳᠠᠭᠠᠵᠤ ᠪᠠᠶᠢᠳᠠᠭ᠃ ᠭᠡᠮᠵᠢᠭᠰᠡᠨ ᠢ ᠦᠨᠳᠦᠰᠣᠯᠡᠪᠡᠯ᠂ ᠰᠦᠨ ᠤ ᠦᠭᠡᠬᠦ ᠳᠣᠰᠣᠨ ᠤ ᠠᠭᠤᠯᠤᠭᠳᠠᠴᠠ ᠨᠢ | ᠦᠨᠳᠦᠷ ᠪᠠᠶᠢᠵᠣ᠂ ᠦᠨᠢᠶ᠎ᠡ᠂ ᠭᠡᠬᠦᠣ ᠶᠢᠨ ᠰᠦᠨ ᠠᠴᠠ ᠪᠦᠷ ᠦᠨᠳᠦᠷ ᠪᠠᠶᠢᠳᠠᠭ᠃ ᠰᠢᠬᠢᠷ ᠤᠨ | ᠠᠭᠤᠯᠤᠭᠳᠠᠴᠠ ᠶᠢᠨ ᠭᠡᠮᠵᠢᠶ᠎ᠡ ᠨᠢ ᠦᠨᠢᠶᠡᠨ ᠰᠦ ᠠᠴᠠ ᠪᠠᠭ᠎ᠠ ᠪᠠᠶᠢᠳᠠᠭ᠃ ᠡᠶᠢᠮᠤ ᠠᠴᠠ ᠬᠦᠮᠦᠨ ᠪᠠ ᠲᠦᠯ ᠮᠠᠯ | ᠰᠢᠩᠭᠡᠨ ᠰᠢᠮᠡᠳᠡᠬᠦᠯᠵᠤ ᠠᠰᠢᠭᠯᠠᠬᠤ ᠳᠤ ᠬᠢᠯᠪᠠᠷᠬᠠᠨ ᠪᠠᠶᠢᠳᠠᠭ᠃ ᠳᠡᠮᠡᠭᠡᠨ ᠤ ᠰᠦ ᠪᠠᠷ ᠭᠡᠤᠭᠡᠳ ᠣᠭᠵᠢᠬᠤ ᠨᠢ | ᠭᠡᠣᠭᠡᠳ ᠤᠨ ᠦᠰᠦᠯᠳᠡ ᠪᠦᠢᠵᠢᠯᠳᠡ ᠳᠤ ᠰᠠᠶᠢᠨ᠃ ᠮᠠᠯᠴᠢᠳ ᠤᠨ ᠭᠡᠯᠡᠯᠭᠡ ᠪᠠᠷ ᠢᠩᠭᠡᠨ ᠰᠦ ᠪᠠᠷ ᠭᠡᠤᠭᠡᠳ | ᠳᠠᠵᠢᠭᠡᠪᠡᠯ ᠰᠢᠩᠭᠡᠭᠡᠯᠳᠡ ᠰᠠᠶᠢᠳᠠᠢ ᠮᠠᠨᠳᠠᠭᠠᠷ ᠳᠠᠷᠭᠤᠨ ᠴᠠᠭᠠᠨ ᠭᠡᠤᠭᠡᠳ ᠪᠤᠯᠤᠨ ᠪᠤᠶᠢᠵᠢᠳᠠᠭ ᠭᠡᠳᠡᠭ ᠨᠢ ᠦᠨᠡᠨ | ᠪᠤᠯᠤᠯᠳᠠᠢ᠃ ᠨᠡᠩ ᠴᠦ ᠢᠰᠢᠭᠡ ᠬᠤᠷᠠᠭ᠎ᠠ ᠳᠡᠵᠢᠭᠡᠪᠡᠯ ᠳᠠᠭᠠᠯᠳᠣᠬᠤ ᠦᠢᠯᠡᠳᠣᠯ ᠦᠭᠡᠢ ᠮᠦᠷᠳᠡᠭᠡᠨ ᠪᠠᠭᠠᠰᠣ | ᠠᠯᠳᠠᠬᠤ ᠦᠵᠡᠭᠳᠡᠯ ᠴᠦᠭᠡᠨ ᠪᠠᠶᠢᠳᠠᠭ᠃ ᠢᠩᠭᠡᠨ ᠤ ᠬᠦᠬᠦᠯᠳᠣ ᠬᠤᠭᠤᠴᠠᠭ᠎ᠠ ᠨᠢ ᠣᠷᠳᠣ᠂ ᠪᠠᠷᠤᠭ ᠲᠠᠭᠠᠨ 14 | — 16 ᠰᠠᠷ᠎ᠠ ᠪᠠᠶᠢᠵᠤ᠂ ᠰᠦᠨ ᠤ ᠭᠠᠷᠤᠴᠠ ᠨᠢ ᠡᠳᠣᠷ ᠲᠤ ᠨᠢᠭᠡ ᠠᠴᠠ ᠬᠤᠶᠠᠷ ᠵᠢᠩ᠂ ᠰᠦ ᠰᠠᠶᠢᠳᠠᠢ | ᠢᠩᠭᠡᠨ ᠠᠴᠠ ᠭᠤᠷᠪᠠ ᠠᠴᠠ ᠲᠦᠷᠪᠡᠨ ᠵᠢᠩ ᠰᠦ ᠰᠠᠭᠠᠳᠠᠭ᠃ ᠭᠡᠬᠦ ᠳᠡᠭᠡᠨ᠂ ᠰᠦᠨ ᠤ ᠶᠡᠭᠡ ᠪᠠᠭ᠎ᠠ ᠨᠢ | ᠢᠩᠭᠡᠨ ᠤ ᠨᠠᠰᠣ᠂ ᠳᠠᠷᠭᠤ ᠬᠦᠴᠣ᠂ ᠪᠠᠯᠴᠢᠭᠡᠷ ᠣᠰᠣᠨ ᠤ ᠪᠠᠶᠢᠳᠠᠯ ᠲᠠᠢ ᠨᠢᠭᠳᠠ ᠬᠤᠯᠪᠤᠭᠠᠳᠠᠢ ᠪᠠᠶᠢᠳᠠᠭ᠃ | ᠵᠠᠷᠢᠮ ᠰᠣᠳᠣᠯᠭᠠᠨ ᠠᠴᠠ ᠦᠵᠡᠪᠡᠯ ᠢᠩᠭᠡ ᠶᠢ ᠳᠣᠮᠳᠠᠴᠢ ᠪᠠᠷ 17 ᠰᠠᠷ᠎ᠠ ᠰᠠᠭᠠᠵᠤ᠂ 320 ᠮᠢᠳ᠋ᠷ ᠰᠦ ᠰᠠᠭᠠᠵᠤ | ᠪᠤᠯᠤᠨ᠎ᠠ᠃ ᠢᠩᠭᠡ ᠰᠠᠭᠠᠯᠢ ᠶᠢᠨ ᠢᠶᠠᠨ ᠬᠤᠭᠤᠴᠠᠭᠠᠨ ᠤ ᠡᠬᠢᠨ ᠤ ᠵᠢᠯ ᠳᠤ ᠪᠦᠬᠦ ᠰᠦᠨ ᠤ 3 — 2 | ᠬᠤᠪᠢ ᠶᠢ ᠦᠭᠳᠡᠭ᠃ ᠢᠩᠭᠡ ᠪᠤᠯ ᠪᠦᠬᠦᠯᠢ ᠨᠢᠭᠡ ᠵᠢᠯ ᠢᠯᠡᠬᠦᠣ ᠰᠠᠭᠠᠯᠭᠠᠳᠠᠭ ᠤᠨᠴᠠᠯᠢᠭ ᠲᠠᠢ ᠮᠠᠯ ᠶᠤᠮ᠃ | ᠪᠤᠳᠤᠭᠤᠯᠠᠭᠰᠠᠨ ᠲᠡᠷᠡ ᠵᠢᠯ ᠤᠨ ᠬᠠᠪᠤᠷ ᠠᠴᠠ ᠡᠬᠢᠯᠡᠵᠤ ᠳᠠᠷᠠᠭ᠎ᠠ ᠵᠢᠯ ᠤᠨ ᠬᠠᠪᠤᠷ ᠪᠤᠯᠳᠠᠯ᠎ᠠ ᠰᠠᠭᠠᠵᠤ ᠪᠤᠯᠳᠠᠭ᠃ | ᠡᠪᠤᠯ ᠪᠤᠯᠬᠤ ᠳᠤ ᠦᠨᠢᠶᠡᠨ ᠰᠦ ᠰᠢᠷᠬᠢᠬᠦ ᠪᠤᠶᠤ ᠬᠠᠪᠤᠷ ᠤᠨ ᠭᠠᠴᠢᠭ ᠴᠠᠭ ᠲᠤ ᠰᠦ ᠰᠠᠭᠠᠯᠢ ᠪᠠᠷ ᠳᠣᠳᠠᠬᠤ | ᠦᠭᠡᠢ ᠮᠦᠷᠳᠡᠭᠡᠨ ᠴᠠᠢ ᠰᠦᠯᠡᠬᠦ ᠳᠤ ᠦᠨᠢᠶᠡᠨ ᠰᠦ ᠠᠴᠠ ᠬᠤᠯᠠ ᠰᠠᠶᠢᠨ ᠭᠡᠵᠤ ᠮᠠᠯᠴᠢᠳ ᠳ᠋ᠦᠩᠨᠡᠵᠡᠢ᠃ | ᠢᠩᠭᠡᠨ ᠤ ᠰᠦ ᠪᠠᠷ ᠴᠠᠢ ᠰᠦᠯᠡᠬᠦ ᠪᠠ ᠬᠦᠭᠡᠷᠤᠬᠦᠯᠵᠤ ᠣᠣᠭᠤᠬᠤ᠂ ᠦᠷᠦᠮ᠎ᠡ᠂ ᠡᠭᠡᠵᠡᠭᠡᠢ᠂ ᠪᠢᠰᠢᠯᠠᠭ᠂ | ᠠᠶᠢᠷᠠᠭ᠂ ᠬᠤᠭᠤᠷᠮᠠᠭ᠂ ᠠᠭᠠᠷᠴᠠ᠂ ᠠᠭᠠᠷᠤᠤᠯ᠂ ᠬᠤᠷᠤᠳ᠂ ᠱᠦᠬᠦᠷᠮᠡᠭ᠂ ᠳᠣᠰᠣ ᠵᠡᠷᠭᠡ ᠶᠢ ᠬᠢᠬᠦ ᠪᠤᠶᠤ | ᠰᠠᠭᠠᠯᠢ ᠶᠢᠨ ᠠᠷᠢᠬᠢ ᠨᠡᠷᠡᠵᠤ ᠪᠤᠯᠳᠠᠭ᠃ ᠳᠡᠮᠡᠭᠡᠨ ᠰᠦᠨ ᠤ ᠰᠠᠭᠠᠯᠢ ᠶᠢᠨ ᠠᠷᠢᠬᠢ ᠪᠤᠯ ᠠᠭᠤᠰᠬᠢᠨ ᠡᠪᠡᠳᠴᠢᠨ ᠤ | ᠣᠨᠴᠠ ᠳᠣᠰᠠᠳᠣ ᠡᠮ ᠪᠤᠯᠬᠤ ᠶᠤᠮ᠃ ᠪᠠᠰᠠ ᠳᠡᠮᠡᠭᠡᠨ ᠤ ᠰᠦ ᠪᠣᠯ ᠰᠡᠷᠢᠬᠦᠨ ᠴᠢᠨᠠᠷ ᠲᠠᠢ ᠪᠦᠭᠡᠳ ᠰᠢᠮ᠎ᠡ | ᠳᠡᠵᠢᠭᠡᠯ ᠰᠠᠶᠢᠳᠠᠢ ᠳᠣᠯᠠ ᠬᠦᠮᠦᠨ ᠤ ᠪᠡᠶ᠎ᠡ ᠶᠢᠨ ᠡᠮᠵᠡᠭ ᠡᠪᠡᠳᠴᠢᠨ ᠳᠤ ᠳᠣᠰᠠᠳᠠᠢ ᠪᠠᠶᠢᠳᠠᠭ᠃ ᠰᠢᠭᠡᠰᠣ | ᠬᠤᠷᠢᠭᠳᠠᠭᠰᠠᠨ ᠡᠪᠡᠳᠴᠢᠳᠠᠨ ᠪᠤᠶᠤ ᠬᠤᠤᠷᠳᠣ ᠮᠤᠭᠠᠢ ᠳᠤ ᠬᠠᠳᠬᠤᠭᠳᠠᠭᠰᠠᠨ᠂ ᠪᠤᠮ ᠡᠪᠡᠳᠴᠢᠨ᠂ ᠪᠢᠳᠡᠬᠦᠣ | ᠬᠠᠪᠣᠳᠠᠷ ᠵᠡᠷᠭᠡ ᠶᠢ ᠡᠮᠴᠢᠯᠠᠨ ᠵᠠᠰᠠᠬᠤ ᠰᠠᠶᠢᠨ ᠵᠤᠷ ᠮᠥᠨ᠃ | ᠢᠩᠭᠡᠨ ᠤ ᠰᠦ ᠪᠤᠯ ᠭᠤᠪᠢ ᠨᠣᠳᠤᠭ ᠡᠯᠡᠰᠣᠨ ᠴᠦᠯ ᠴᠦᠯᠡᠷᠭᠡᠭ ᠤᠷᠤᠨ ᠤ ᠭᠤᠤᠯ ᠪᠤᠯᠬᠤ ᠴᠠᠭᠠᠨ | ᠢᠳᠡᠭᠡᠨ ᠤ ᠴᠢᠬᠤᠯᠠ ᠡᠬᠢ ᠰᠣᠷᠪᠤᠯᠵᠢ ᠶᠢᠨ ᠨᠢᠭᠡ ᠨᠢ ᠪᠤᠯᠤᠨ᠎ᠠ᠃ ᠣᠴᠢᠷ ᠨᠢ ᠡᠯᠡᠰᠣᠨ ᠪᠠᠯᠠᠷ᠂ ᠭᠤᠪᠢᠷᠬᠠᠭ | ᠣᠷᠣᠨ ᠳᠤ ᠡᠰᠢᠯᠢᠭ ᠪᠤᠳᠠᠯᠢᠭ ᠣᠷᠭᠤᠮᠠᠯ ᠣᠯᠠᠨ ᠣᠷᠭᠤᠳᠠᠭ ᠪᠤᠯᠬᠤᠷ ᠰᠠᠭᠠᠯᠢ ᠶᠢᠨ ᠦᠨᠢᠶ᠎ᠡ ᠳᠡᠵᠢᠭᠡᠬᠦ ᠳᠤ | ᠳᠣᠬᠢᠷᠠᠬᠤ ᠦᠭᠡᠢ ᠳᠣᠯᠠ ᠢᠩᠭᠡ ᠪᠠᠨ ᠰᠠᠭᠠᠵᠤ ᠮᠠᠯᠴᠢᠨ ᠲᠦᠮᠡᠨ ᠤ ᠭᠡᠷᠡᠭᠴᠡᠭᠡᠳᠣ ᠴᠠᠭᠠᠨ ᠢᠳᠡᠭᠡᠨ ᠢ ᠬᠠᠩᠭᠠᠬᠤ | ᠴᠢᠬᠤᠯᠠ ᠮᠠᠲ᠋ᠧᠷᠢᠶᠠᠯ ᠪᠤᠯᠵᠤ ᠢᠷᠡᠪᠡ᠃ | ᠢᠩᠭᠡ ᠰᠠᠭᠠᠬᠤ | ᠢᠩᠭᠡ ᠶᠢ ᠪᠣᠳᠣᠭᠤ ᠪᠠᠷ ᠢᠪᠢᠯᠭᠡᠵᠤ ᠰᠠᠭᠠᠳᠠᠭ᠃ ᠪᠤᠳᠣᠭᠤ ᠨᠢ ᠨᠢᠯᠬ᠎ᠠ᠂ ᠣᠭᠤᠷᠠᠭ ᠰᠦᠨ ᠤ ᠦᠶ᠎ᠡ᠂ | ᠳᠣᠩᠭᠤᠢ ᠨᠢᠯᠬ᠎ᠠ ᠪᠡᠶ᠎ᠡ ᠳᠡᠭᠡᠷ᠎ᠡ ᠰᠠᠭᠠᠯᠢᠨ ᠳᠤ ᠰᠣᠷᠭᠠᠬᠤ ᠳᠤ ᠬᠢᠯᠪᠠᠷ ᠪᠠᠶᠢᠳᠠᠭ᠃ ᠰᠠᠭᠠᠯᠢᠴᠢᠨ᠂ ᠢᠩᠭᠡ ᠪᠠᠨ | ᠰᠠᠭᠠᠬᠤ ᠳᠠᠭᠠᠨ ᠣᠷᠢᠳᠠᠪᠠᠷ ᠭᠠᠷ ᠪᠠ ᠰᠠᠭᠤᠯᠠᠭ᠎ᠠ ᠰᠠᠪᠠ ︵ᠬᠤᠪᠢᠩ︶ ᠪᠠᠨ ᠰᠠᠶᠢᠳᠣᠷ ᠣᠬᠢᠶᠠᠨ ᠴᠡᠪᠡᠷᠯᠡᠵᠤ᠂ | ᠠᠷᠢᠭᠤᠳᠬᠠᠭᠠᠳ᠂ ᠢᠩᠭᠡ ᠪᠠᠨ ᠪᠣᠳᠣᠭᠤᠨ ᠳᠤᠨᠢ ᠬᠦᠬᠦᠬᠦᠯᠵᠤ ᠢᠪᠢᠯᠭᠡᠭᠰᠡᠨ ᠤ ᠳᠠᠷᠠᠭ᠎ᠠ ᠵᠦᠪ ᠳᠠᠯ᠎ᠠ ᠶᠢᠨ | ᠬᠤᠶᠢᠳᠣ ᠬᠦᠯ ᠢ ᠳᠣᠬᠤᠢ ᠬᠢᠷᠢ ᠲᠠᠢ ᠬᠤᠶᠢᠰᠢ ᠬᠢᠰᠬᠢᠬᠦᠯᠵᠤ᠂ ᠦᠪᠡᠷ ᠢᠶᠠᠨ ᠪᠠᠷᠠᠭᠤᠨ ᠬᠦᠯ ᠢᠶᠠᠨ ᠬᠠᠭᠠᠰ | ᠨᠤᠭᠤᠯᠵᠤ ᠵᠤᠭᠰᠣᠭᠠᠳ ᠲᠡᠬᠦᠨ ᠳᠡᠭᠡᠷ᠎ᠡ ᠰᠠᠭᠤᠯᠠᠭ᠎ᠠ ᠪᠠᠨ ᠳᠠᠯᠪᠢᠵᠤ ᠵᠡᠬᠦᠨ ᠭᠠᠷ ᠤᠨ ᠪᠠᠭᠤᠤ ᠳᠤ ᠰᠠᠭᠤᠯᠠᠭ᠎ᠠ ᠶᠢᠨ | ᠤᠭᠤᠰᠣᠷ ᠢ ᠡᠯᠬᠦᠵᠤ ᠵᠡᠬᠦᠨ ᠬᠦᠯ ᠳᠡᠭᠡᠷ᠎ᠡ ᠪᠠᠨ ᠵᠤᠭᠰᠣᠵᠣ ᠬᠤᠶᠠᠷ ᠭᠠᠷ ᠢᠶᠠᠷ ᠢᠶᠠᠨ ᠰᠠᠭᠠᠨ᠎ᠠ᠃ ᠰᠠᠭᠠᠯᠢᠨ ᠳᠤ | ᠠᠩᠬ᠎ᠠ ᠰᠣᠷᠭᠠᠵᠤ ᠪᠠᠶᠢᠭ᠎ᠠ ᠭᠤᠨᠵᠢᠨ ᠢᠩᠭᠡ ᠶᠢ ᠴᠠᠪᠢᠯᠤᠤᠷᠳᠠᠬᠤ᠂ ᠭᠤᠶ᠎ᠠ᠂ ᠴᠠᠪᠢ᠂ ᠳᠠᠯᠠᠩ ᠢ ᠨᠢ ᠢᠯᠢᠬᠦ | ᠵᠡᠷᠭᠡ ᠪᠠᠷ ᠭᠡᠵᠢᠭᠡ ᠶᠢ ᠨᠢ ᠭᠠᠷᠭᠠᠵᠤ ᠰᠠᠭᠠᠬᠤ ᠳᠤ ᠰᠣᠷᠭᠠᠨ᠎ᠠ᠃ | ᠢᠩᠭᠡᠨ ᠳᠤ ᠵᠦᠭᠡᠯᠡᠨ ᠠᠶᠠᠳᠠᠢ ᠬᠠᠨᠳᠣᠵᠣ᠂ ᠬᠤᠵᠢᠷ ᠱᠠᠣ ᠨᠡᠮᠡᠭᠳᠡᠯ ᠳᠡᠵᠢᠭᠡᠯ ᠦᠭᠴᠣ ᠰᠠᠭᠠᠪᠠᠯ | ᠡᠵᠡᠨ ᠳᠡᠭᠡᠨ ᠠᠮᠠᠷᠬᠠᠨ ᠳᠠᠰᠴᠣ᠂ ᠨᠣᠮᠣᠬᠠᠨ ᠪᠠᠶᠢᠬᠤ ᠠᠴᠠ ᠭᠠᠳᠠᠨ᠎ᠠ ᠰᠦᠨ ᠤ ᠭᠠᠷᠣᠵᠠ ᠰᠠᠶᠢᠵᠢᠷᠠᠳᠠᠭ ᠪᠢᠯᠡ᠃ | ᠰᠠᠭᠠᠯᠢᠴᠢᠨ ᠳᠤ ᠳᠠᠰᠣᠭᠰᠠᠨ ᠢᠩᠭᠡ ᠶᠢ ᠬᠠᠳᠠᠭᠰᠢᠭᠤᠯᠤᠨ ᠰᠠᠭᠠᠬᠤ ᠳᠤ ᠬᠢᠯᠪᠠᠷ ᠶᠤᠮ᠃ | ᠨᠢᠯᠬ᠎ᠠ ᠪᠣᠳᠣᠭᠤ ᠡᠭᠡ ᠶᠢᠨ ᠣᠭᠤᠷᠠᠭ ᠰᠦ ᠪᠠᠨ ᠬᠦᠬᠦᠵᠤ ᠪᠠᠷᠠᠬᠤ ᠦᠭᠡᠢ ᠳᠣᠯᠠ ᠣᠭᠤᠷᠠᠭ ᠰᠦ ᠶᠢ ᠨᠢ | ᠰᠢᠪᠬᠠᠨ ᠰᠠᠭᠠᠵᠤ ᠪᠠᠶᠢᠪᠠᠯ ᠰᠠᠶᠢᠨ᠃ ᠢᠩᠭᠡ ᠰᠠᠭᠠᠬᠤ ᠳᠤ ᠣᠯᠠᠨ ᠵᠦᠢᠯ ᠤᠨ ᠠᠷᠭ᠎ᠠ ᠪᠠᠷᠢᠯ ᠪᠠᠶᠢᠳᠠᠭ᠃ | ᠤᠭᠤᠷᠠᠭ ᠰᠠᠭᠠᠬᠤ᠄ ᠰᠠᠶ᠋ᠢ ᠲᠦᠯᠵᠢᠭᠰᠡᠨ ᠢᠩᠭᠡ ᠶᠢᠨ ᠬᠦᠬᠦ ᠠᠴᠠ ᠭᠠᠷᠬᠤ ᠦᠳᠭᠡᠨ ᠰᠢᠷᠠᠪᠳᠣᠷ ᠠᠩᠬᠠᠨ ᠤ | ᠰᠦ ᠶᠢ ᠰᠠᠭᠠᠵᠤ ᠠᠪᠬᠤ᠃ ᠡᠨᠡ ᠰᠦ ᠶᠢ ᠲᠦᠯ ᠨᠢ ᠭᠡᠳᠣᠷᠠᠳᠠᠯᠠ ᠬᠦᠬᠦᠪᠡᠯ ᠰᠢᠩᠭᠡᠭᠡᠵᠤ ᠳᠡᠶᠢᠯᠬᠦ ᠦᠭᠡᠢ ᠳᠣᠯᠠ᠂ | ᠡᠭᠡ ᠶᠢᠨ ᠬᠢᠨᠢ ᠤᠭᠤᠷᠠᠭ ᠰᠦ ᠶᠢ ᠰᠠᠭᠠᠵᠤ ᠠᠪᠤᠭᠠᠳ ᠴᠢᠨᠠᠵᠤ ᠢᠳᠡᠳᠡᠭ᠃ ᠰᠢᠬᠢᠷᠯᠢᠭ ᠠᠮᠳᠠᠳᠠᠢ ᠰᠢᠮ᠎ᠡ ᠳᠡᠵᠢᠭᠡᠯ | ᠡᠯᠪᠡᠭ ᠪᠠᠶᠢᠳᠠᠭ᠃ | ᠰᠦ ᠰᠠᠭᠠᠬᠤ᠄ ᠢᠩᠭᠡᠨ ᠤ ᠳᠠᠯᠡᠩ ᠬᠦᠬᠦ ᠶᠢᠨ ᠪᠤᠯᠴᠢᠷᠬᠠᠢ ᠠᠴᠠ ᠱᠦᠬᠦᠷᠡᠬᠦᠯᠬᠦ ᠴᠠᠭᠠᠨ ᠦᠩᠭᠡᠳᠡᠢ | ᠰᠢᠩᠭᠡᠨ ᠪᠠᠶᠠᠳᠣ ᠶᠢ ᠰᠠᠪᠠ ᠰᠠᠭᠤᠯᠠᠭ᠎ᠠ ᠳᠤ ᠰᠢᠪᠳᠣᠷᠣᠨ ᠠᠪᠬᠤ᠃ ᠰᠠᠶ᠋ᠢ ᠪᠤᠳᠤᠭᠤᠯᠠᠭᠰᠠᠨ ᠢᠩᠭᠡᠨ ᠤ | ᠣᠭᠤᠷᠠᠭ ᠨᠢ 5 — 8 ᠬᠤᠨᠤᠭ ᠤᠨ ᠳᠠᠷᠠᠭ᠎ᠠ ᠰᠢᠩᠭᠡᠷᠡᠨ ᠰᠦ ᠪᠤᠯᠳᠠᠭ᠃ ᠡᠨᠡ ᠰᠦ ᠶᠢ ᠰᠠᠭᠠᠵᠤ ᠠᠪᠬᠤ ᠶᠢ | ᠰᠦ ᠰᠠᠭᠠᠬᠤ ᠭᠡᠨ᠎ᠡ᠃ | ᠰᠠᠭᠠᠵᠤ ᠰᠣᠷᠭᠠᠬᠤ᠄ ᠢᠩᠭᠡ ᠶᠢ ᠰᠠᠭᠠᠯᠢ ᠰᠦ ᠰᠠᠭᠠᠬᠤ ᠳᠤ ᠭᠠᠷᠰᠢᠭᠤᠯᠬᠤ᠂ ᠢᠩᠭᠡ ᠪᠤᠳᠤᠭᠤᠯᠠᠭᠰᠠᠨ ᠤ | ᠳᠠᠷᠠᠭ᠎ᠠ ᠳᠡᠯᠡᠩ ᠬᠦᠬᠦ ᠶᠢ ᠨᠢ ᠳᠠᠪᠤᠰᠣᠳᠠᠢ ᠬᠠᠷ᠎ᠠ ᠴᠠᠢ ᠪᠠᠷ ᠣᠬᠢᠶᠠᠵᠤ᠂ ᠬᠦᠬᠦ ᠶᠢᠨ ᠪᠦᠭᠯᠡᠭᠡ ᠶᠢ ᠠᠪᠬᠤ ᠶᠢᠨ | ᠬᠠᠮᠳᠣ ᠪᠣᠳᠣᠭᠤᠨ ᠳᠤᠨᠢ ᠬᠦᠬᠦᠬᠦᠯᠵᠤ ᠢᠪᠢᠯᠭᠡᠭᠰᠡᠨ ᠤ ᠰᠡᠬᠦᠯᠡᠷ ᠣᠭᠤᠷᠠᠭ ᠰᠦᠨ ᠤ ᠦᠶ᠎ᠡ᠂ ᠨᠢᠯᠬ᠎ᠠ ᠳᠣᠩᠭᠤᠢ ︵ | ᠳᠣᠮᠣᠢ︶ ᠪᠡᠶ᠎ᠡ ᠳᠡᠭᠡᠷ᠎ᠡ ᠨᠢ ᠰᠠᠭᠠᠯᠢᠨ ᠳᠤ ᠰᠣᠷᠭᠠᠬᠤ ᠳᠤ ᠬᠢᠯᠪᠡᠷ ᠪᠠᠶᠢᠳᠠᠭ᠃ ᠰᠠᠭᠠᠯᠢᠨ ᠳᠤ ᠠᠩᠬ᠎ᠠ ᠰᠣᠷᠭᠠᠵᠤ | ᠪᠠᠶᠢᠭ᠎ᠠ ᠭᠤᠨᠵᠢᠨ ᠢᠩᠭᠡ ᠶᠢ ᠴᠠᠪᠢᠯᠣᠣᠷᠳᠠᠬᠤ᠂ ᠭᠤᠶ᠎ᠠ ᠴᠠᠪᠢ᠂ ᠳᠡᠯᠡᠩ ᠬᠦᠬᠦ ᠶᠢ ᠨᠢ ᠢᠯᠢᠬᠦ ᠵᠡᠷᠭᠡ ᠪᠠᠷ | ᠰᠦ ᠶᠢ ᠨᠢ ᠭᠠᠷᠭᠠᠵᠤ ᠰᠠᠭᠠᠳᠠᠭ᠃ | ᠳᠡᠯᠡᠵᠤ ᠰᠠᠭᠠᠬᠤ᠄ ᠢᠩᠭᠡᠨ ᠤ ᠵᠦᠪ ᠳᠠᠯ᠎ᠠ ᠶᠢᠨ ᠭᠤᠶ᠎ᠠ ᠠᠴᠠ ᠨᠢ ᠳᠠᠳᠠᠬᠤ ᠶᠢᠨ ᠬᠠᠮᠳᠣ ᠪᠠᠰᠠ | ᠪᠣᠷᠠᠨᠳᠠᠭ ᠠᠴᠠ ᠨᠢ ᠬᠦᠮᠦᠨ ᠪᠠᠷᠢᠬᠤ ᠪᠤᠶᠤ ᠮᠣᠳᠣ ᠴᠢᠯᠠᠭᠤ ᠠᠴᠠ ᠣᠶᠠᠵᠣ ᠰᠠᠭᠠᠬᠤ᠃ ᠢᠩᠭᠡ ᠪᠠᠨ | ᠪᠣᠳᠣᠭᠤᠨ ᠳᠤᠨᠢ ᠬᠦᠬᠦᠬᠦᠯᠦᠭᠰᠡᠨ ᠤ ᠳᠠᠷᠠᠭ᠎ᠠ ᠠᠷᠭᠠᠮᠵᠢᠶ᠎ᠠ ᠪᠤᠶᠤ ᠣᠷᠳᠣ ᠪᠣᠷᠠᠨᠳᠠᠭ ᠢᠶᠠᠷ ᠢᠩᠭᠡᠨ ᠤ ᠵᠦᠪ | ᠳᠠᠯ᠎ᠠ ᠶᠢᠨ ᠪᠦᠳᠦᠭᠦᠨ ᠭᠤᠶ᠎ᠠ ᠪᠠᠷ ᠨᠢ ᠣᠷᠣᠭᠤᠯᠵᠣ᠂ ᠲᠦᠭᠡᠮᠡᠳᠡᠵᠤ ᠣᠶᠠᠬᠤ ᠪᠤᠶᠤ ᠬᠦᠪᠦᠷᠭᠡᠢ ᠵᠠᠩᠭᠢᠯᠠᠭ᠎ᠠ ᠪᠠᠷ | ᠣᠶᠠᠵᠣ᠂ ᠨᠦᠬᠦᠭᠡ ᠦᠵᠦᠬᠦᠷ ᠢ ᠨᠢ ᠭᠠᠳᠠᠰᠣ ᠱᠣᠩ᠂ ᠲᠦᠭᠵᠢᠶ᠎ᠡ ᠵᠡᠷᠭᠡ ᠬᠤᠭᠤᠷᠠᠵᠤ ᠪᠤᠯᠭᠤᠷᠠᠬᠤ ᠦᠭᠡᠢ ᠪᠠᠳᠣ | ᠪᠠᠬᠢ ᠶᠠᠭᠤᠮᠠᠨ ᠠᠴᠠ ᠪᠠᠬᠢᠯᠡᠭᠡᠳ ᠢᠩᠭᠡ ᠪᠠᠨ ᠣᠷᠣᠭᠰᠢ ᠬᠦᠳᠦᠯᠵᠤ᠂ ᠳᠡᠭᠡᠰᠣ ᠪᠠᠨ ᠠᠰᠬᠠᠨ ᠪᠤᠯᠭᠠᠨ | ᠳᠠᠳᠠᠭᠰᠠᠨ ᠤ ᠳᠠᠷᠠᠭ᠎ᠠ ᠪᠠᠷ ᠪᠤᠷᠠᠨᠳᠠᠭ ᠢ ᠨᠢ ᠭᠠᠳᠠᠰᠣ᠂ ᠱᠣᠩ ᠠᠴᠠ ᠣᠶᠠᠬᠤ ᠪᠤᠶᠤ ᠬᠦᠮᠦᠨ ᠢᠶᠠᠷ ᠪᠠᠷᠢᠭᠤᠯᠤᠨ | ᠰᠠᠭᠠᠳᠠᠭ᠃ ︵ᠬᠦᠮᠦᠨ ᠢᠶᠠᠷ ᠳᠠᠳᠠᠭᠤᠯᠵᠤ ᠴᠦ ᠪᠤᠯᠳᠠᠭ︶ ᠡᠨᠡ ᠠᠷᠭ᠎ᠠ ᠶᠢ ᠰᠠᠶ᠋ᠢ ᠰᠠᠭᠠᠬᠤ ᠳᠤ ᠰᠣᠷᠭᠠᠵᠤ | ᠪᠠᠶᠢᠭ᠎ᠠ ᠳᠠᠶᠢᠷᠡᠬᠦ ᠬᠠᠶᠢᠷᠬᠤ᠂ ᠬᠠᠵᠠᠬᠤ ᠰᠡᠪᠰᠣᠯᠠᠬᠦ ᠮᠠᠭᠤ ᠵᠠᠩ ᠲᠠᠢ ᠢᠩᠭᠡᠨ ᠳᠤ ᠭᠡᠷᠡᠭᠯᠡᠳᠡᠭ᠃ | ᠳᠠᠳᠠᠵᠤ ᠰᠠᠭᠠᠬᠤ᠄ ᠢᠩᠭᠡ ᠪᠠᠨ ᠪᠣᠳᠣᠭᠤᠨ ᠳᠤᠨᠢ ᠬᠦᠬᠦᠬᠦᠯᠦᠭᠰᠡᠨ ᠤ ᠳᠠᠷᠠᠭ᠎ᠠ ᠣᠷᠳᠣ ᠳᠡᠭᠡᠰᠣ ︵ | ᠠᠷᠭᠠᠮᠵᠢᠶ᠎ᠠ ᠪᠤᠶᠤ ᠪᠤᠷᠠᠨᠳᠠᠭ︶ ᠪᠠᠷ ᠵᠦᠪ ᠳᠠᠯ᠎ᠠ ᠶᠢᠨ ᠪᠦᠳᠦᠬᠦᠨ ᠭᠤᠶ᠎ᠠ ᠪᠠᠷ ᠣᠷᠣᠭᠤᠯᠵᠣ ᠣᠶᠠᠭᠠᠳ᠂ ᠬᠤᠶᠢᠰᠢ | ᠳᠠᠳᠠᠵᠤ ᠱᠣᠩ ᠪᠤᠶᠤ ᠲᠦᠭᠵᠢᠶ᠎ᠡ ᠵᠡᠷᠭᠡ ᠠᠴᠠ ᠪᠠᠬᠢᠯᠡᠭᠡᠳ᠂ ᠬᠠᠮᠠᠷ ᠠᠴᠠ ᠨᠢ ᠪᠠᠷᠢᠬᠤ᠂ ᠤᠶᠠᠬᠤ ᠠᠷᠭ᠎ᠠ ᠶᠢ | ᠭᠡᠷᠡᠭᠯᠡᠬᠦ ᠦᠭᠡᠢ ᠰᠠᠭᠠᠳᠠᠭ᠃ ᠡᠨᠡ ᠨᠢ ᠰᠠᠭᠠᠵᠤ ᠰᠣᠷᠣᠭᠰᠠᠨ ᠪᠤᠯᠪᠠᠴᠣ ᠳᠠᠶᠢᠷᠠᠬᠦ ᠬᠤᠪᠢᠷᠬᠠᠭ ᠵᠠᠩ ᠲᠠᠢ | ᠢᠩᠭᠡᠨ ᠳᠤ ᠭᠡᠷᠡᠭᠯᠡᠨ᠎ᠡ᠃ | ᠳᠣᠱᠠᠵᠤ ᠰᠠᠭᠠᠬᠤ᠄ ᠢᠩᠭᠡ ᠪᠠᠨ ᠪᠣᠳᠣᠭᠤᠨ ᠳᠤᠨᠢ ᠬᠦᠬᠦᠬᠦᠯᠦᠭᠰᠡᠨ ᠤ ᠳᠠᠷᠠᠭ᠎ᠠ ᠢᠩᠭᠡᠨ ᠤ ᠡᠮᠣᠨ᠎ᠡ | ᠬᠤᠶᠠᠷ ᠬᠦᠯ ᠢ ᠲᠤᠱᠠ ᠪᠤᠶᠤ ᠳᠡᠭᠡᠰᠣ ᠪᠠᠷ ᠳᠣᠱᠠᠭᠠᠳ ᠢᠪᠢᠯᠦᠮᠡᠭᠴᠡ ᠰᠠᠭᠠᠳᠠᠭ᠃ | ᠡᠷᠴᠢᠯᠡᠵᠤ ᠰᠠᠭᠠᠬᠤ᠄ ᠢᠩᠭᠡ ᠪᠠᠨ ᠪᠣᠳᠣᠭᠤᠨ ᠳᠤᠨᠢ ᠬᠦᠬᠦᠬᠦᠯᠵᠤ ᠬᠤᠶᠢᠳᠣ ᠬᠤᠶᠠᠷ ᠬᠦᠯ ᠤᠨ ᠬᠢᠨᠢ | ᠪᠦᠳᠦᠬᠦᠨ ᠭᠤᠶ᠎ᠠ ᠪᠠᠷ ᠳᠡᠭᠡᠰᠣ ᠣᠷᠣᠭᠤᠯᠵᠣ ᠣᠷᠢᠶᠠᠭᠠᠳ ᠳᠣᠮᠳᠠ ᠨᠢ ᠪᠦᠭᠡᠷᠡᠩᠭᠡᠢ ᠮᠣᠳᠣ ᠪᠠᠷ ᠡᠷᠴᠢᠯᠡᠨ | ᠡᠷᠬᠢᠬᠦᠯᠵᠤ᠂ ᠴᠢᠭᠳᠠᠯᠠᠨ ᠵᠤᠭᠰᠤᠭᠠᠭᠠᠳ ᠰᠠᠭᠠᠬᠤ᠃ ᠡᠨᠡ ᠠᠷᠭ᠎ᠠ ᠨᠢ᠂ ᠭᠤᠤᠯᠳᠠᠭᠤ ᠰᠠᠭᠠᠬᠤ ᠳᠤ ᠭᠡᠪᠳᠡᠬᠦ᠂ | ᠬᠠᠶᠢᠷᠬᠤ ︵ᠳᠠᠶᠢᠷᠡᠬᠦ︶ ᠵᠡᠷᠭᠡ ᠮᠠᠭᠤ ᠵᠠᠩ ᠲᠠᠢ ᠢᠩᠭᠡᠨ ᠳᠤ ᠭᠡᠷᠡᠭᠯᠡᠨ᠎ᠡ᠃ | ᠣᠶᠠᠭ᠎ᠠ ᠲᠠᠢ ᠰᠠᠭᠠᠬᠤ᠄ ᠢᠩᠭᠡ ᠪᠠᠨ ᠪᠣᠳᠣᠭᠤᠨ ᠳᠤᠨᠢ ᠬᠦᠬᠦᠬᠦᠯᠵᠤ᠂ ᠢᠩᠭᠡᠨ ᠤ ᠪᠤᠶᠢᠯᠡ ᠪᠤᠶᠤ | ᠨᠤᠭᠳᠣ ᠠᠴᠠ ᠪᠤᠷᠠᠨᠳᠠᠭ ᠢᠶᠠᠷ ᠣᠭᠤᠰᠣᠷᠯᠠᠵᠣ᠂ ᠳᠣᠯᠣᠭᠠᠢ ᠶᠢ ᠨᠢ ᠳᠣᠷᠣᠭᠰᠢ ᠪᠦᠬᠦ᠋ᠢᠯᠭᠡᠨ ᠭᠠᠳᠠᠰᠣ ᠪᠣᠶᠣ | ᠴᠢᠯᠠᠭᠤ ᠮᠣᠳᠣ ᠠᠴᠠ ᠣᠶᠠᠵᠣ ᠪᠠᠬᠢᠯᠡᠭᠦ᠂ ᠬᠦᠮᠦᠨ ᠢᠶᠠᠷ ᠪᠠᠷᠢᠭᠤᠯᠬᠤ ᠵᠡᠷᠭᠡ ᠠᠷᠭ᠎ᠠ ᠶᠢ ᠭᠡᠷᠡᠭᠯᠡᠵᠤ ᠰᠠᠭᠠᠳᠠᠭ᠃ | ᠡᠨᠡ ᠨᠢ ᠰᠠᠶᠢᠨ ᠰᠠᠭᠠᠵᠤ ᠰᠣᠷᠤᠭᠠ ᠦᠭᠡᠢ ᠳᠣᠩᠭᠤᠢ ᠭᠤᠨᠵᠢᠨ ᠢᠩᠭᠡ ᠪᠠ ᠮᠠᠭᠤ ᠵᠠᠩ ᠲᠠᠢ᠂ ᠳᠣᠭᠰᠢᠨ | ᠵᠢᠭᠰᠢᠮᠡᠳᠡᠭᠡᠢ᠂ ᠰᠠᠭᠠᠯᠭᠠᠬᠤ ᠳᠣᠷ᠎ᠠ ᠦᠭᠡᠢ᠂ ᠬᠤᠯᠬᠢᠵᠤ ᠶᠠᠪᠤᠬᠤ ᠵᠠᠩ ᠲᠠᠢ᠂ ᠵᠤᠭᠰᠣᠭᠤᠷ ᠮᠠᠭᠤ ᠢᠩᠭᠡᠨ ᠳᠤ | ᠣᠯᠠᠨᠳᠠ ᠭᠡᠷᠡᠭᠯᠡᠨ᠎ᠡ᠃ | ᠰᠣᠯᠠ ᠰᠠᠭᠠᠬᠤ᠄ ᠢᠩᠭᠡ ᠪᠠᠨ ᠤᠶᠠᠵᠤ ᠳᠠᠳᠠᠬᠤ ᠵᠡᠷᠭᠡ ᠶᠠᠮᠠᠷ ᠴᠦ ᠠᠷᠭ᠎ᠠ ᠶᠢ ᠭᠡᠷᠡᠭᠯᠡᠯ ᠦᠭᠡᠢ ᠰᠢᠭᠤᠳ | ᠰᠠᠭᠠᠬᠤ᠃ ᠡᠨᠡ ᠨᠢ ᠨᠢᠭᠡᠨᠳᠡ ᠰᠠᠭᠠᠵᠤ ᠰᠣᠷᠭᠠᠭᠰᠠᠨ ᠪᠦᠳᠦᠬᠦᠨ ᠢᠩᠭᠡ ᠪᠠ ᠨᠤᠮᠤᠬᠠᠨ ᠵᠠᠩ ᠲᠠᠢ ᠢᠩᠭᠡᠨ ᠳᠤ | ᠭᠡᠷᠡᠭᠯᠡᠳᠡᠭ᠃ | ᠬᠦᠬᠦᠬᠦᠯᠵᠤ ᠰᠠᠭᠠᠬᠤ᠄ ᠢᠩᠭᠡ ᠪᠠᠨ ᠪᠤᠳᠣᠭᠤ ᠳᠣᠷᠣᠮ ᠳᠤᠨᠢ ᠬᠦᠬᠦᠬᠦᠯᠵᠤ ᠪᠠᠶᠢᠭᠠᠳ ᠢᠪᠢᠯᠬᠦ ᠲᠠᠢ ᠵᠡᠷᠭᠡ | ᠬᠤᠶᠠᠷ ᠬᠦᠬᠦ ᠶᠢ ᠨᠢ ᠰᠠᠭᠠᠵᠤ᠂ ᠨᠦᠬᠦᠭᠡ ᠬᠤᠶᠠᠷ ᠬᠦᠬᠦ ᠶᠢ ᠨᠢ ᠪᠣᠳᠣᠭᠤ ᠳᠣᠷᠣᠮ ᠳᠤᠨᠢ ᠬᠦᠬᠦᠬᠦᠯᠵᠤ ᠰᠠᠭᠠᠬᠤ᠃ | ᠡᠨᠡ ᠠᠷᠭ᠎ᠠ ᠶᠢ ᠪᠠᠰᠠ ᠬᠤᠪᠢᠶᠠᠯᠴᠠᠵᠤ ᠰᠠᠭᠠᠬᠤ ᠭᠡᠳᠡᠭ᠃ ᠭᠤᠤᠯᠳᠠᠭᠤ ᠪᠣᠳᠣᠭᠤ ᠲᠠᠢ ᠦᠶ᠎ᠡ ᠪᠤᠶᠤ ᠶᠠᠳᠠᠷ | ᠳᠣᠷᠦᠢ ᠢᠩᠭᠡ ᠶᠢ ᠰᠠᠭᠠᠬᠤ ᠳᠤ ᠭᠡᠷᠡᠭᠯᠡᠨ᠎ᠡ᠃ | ᠪᠣᠳᠣᠭᠤ ᠲᠠᠢ ᠰᠠᠭᠠᠬᠤ᠄ ᠢᠩᠭᠡᠨ ᠤ ᠲᠦᠯ ᠨᠢ ᠨᠢᠭᠡ ᠲᠠᠢ ᠪᠠᠶᠢᠬᠤ ᠳᠤᠨᠢ ᠰᠠᠭᠠᠬᠤ᠃ ᠢᠩᠭᠡ | ᠪᠤᠳᠤᠭᠤᠯᠠᠭᠰᠠᠨ ᠠᠴᠠ ᠨᠢ ᠡᠬᠢᠯᠡᠭᠡᠳ ᠳᠣᠰ ᠵᠢᠯ ᠤᠨ ᠬᠢᠨᠢ ᠪᠢᠯᠢᠭ ᠤᠨ ᠣᠯᠠᠷᠢᠯ ᠤᠨ ᠠᠷᠪᠠᠨ ᠬᠤᠶᠠᠷ ᠰᠠᠷ᠎ᠠ | ᠪᠤᠯᠳᠠᠯ᠎ᠠ ᠰᠠᠭᠠᠬᠤ ᠶᠢ ᠭᠡᠯᠡᠨ᠎ᠡ᠃ ᠪᠣᠳᠣᠭᠤᠨ ᠳᠤᠨᠢ ᠰᠠᠭᠠᠬᠤ ᠳᠤ ᠢᠩᠭᠡ ᠶᠢ ᠡᠳᠣᠷ ᠲᠤ ᠨᠢᠭᠡ ᠣᠳᠠᠭ᠎ᠠ ᠰᠠᠭᠠᠵᠤ᠂ | ᠲᠦᠷᠪᠡᠨ ᠣᠳᠠᠭ᠎ᠠ ᠬᠦᠬᠦᠬᠦᠯᠳᠡᠭ᠃ | ᠳᠣᠷᠣᠮ ᠲᠠᠢ ᠰᠠᠭᠠᠬᠤ᠄ ᠢᠩᠭᠡᠨ ᠤ ᠲᠦᠯ ᠨᠢ ᠬᠤᠶᠠᠷ ᠨᠠᠰᠣᠳᠠᠢ ᠪᠠᠶᠢᠬᠤ ᠳᠤᠨᠢ ᠰᠠᠭᠠᠬᠤ᠃ ᠳᠣᠷᠣᠮ ᠲᠠᠢ | ᠢᠩᠭᠡ ᠶᠢ ᠬᠤᠶᠢᠳᠣ ᠵᠢᠯ ᠤᠨ ᠬᠠᠪᠤᠷ ᠠᠴᠠ ᠵᠤᠨ ᠤ ᠡᠬᠢᠨ ᠰᠠᠷ᠎ᠠ ᠭᠠᠷᠳᠠᠯ᠎ᠠ ᠰᠠᠭᠠᠨ᠎ᠠ᠃ ᠳᠣᠷᠣᠮ ᠲᠠᠢ ᠢᠩᠭᠡ ᠶᠢ | ᠰᠠᠭᠠᠬᠤ ᠳᠠᠭᠠᠨ ᠳᠠᠯᠡᠩ ᠬᠦᠬᠦ ᠶᠢ ᠨᠢ ᠣᠷᠢᠶᠠᠵᠤ᠂ ᠳᠡᠯᠡᠪᠴᠢᠯᠠᠵᠤ᠂ ᠳᠣᠷᠣᠮ ᠠᠴᠠ ᠨᠢ ᠵᠠᠶᠢᠯᠠᠭᠤᠯᠵᠤ ︵ᠵᠠᠢ ᠲᠠᠢ | ᠰᠢᠭ᠋ ᠭᠠᠵᠠᠷ ᠲᠤ ᠬᠦᠲᠦᠯᠵᠦ ᠵᠤᠭᠰᠣᠭᠠᠭᠠᠳ ᠰᠠᠭᠠᠬᠤ︶ ᠰᠦ ᠶᠢ ᠨᠢ ᠰᠢᠪᠬᠠᠨ ᠰᠠᠭᠠᠵᠤ ᠪᠤᠯᠳᠠᠭ᠃ | ᠬᠤᠰᠠᠷᠠᠩ ᠰᠠᠭᠠᠬᠤ᠄ ᠳᠣᠷᠣᠮ ᠢᠶᠠᠨ ᠬᠦᠬᠦᠬᠦᠯᠵᠤ ᠪᠠᠶᠢᠭ᠎ᠠ ᠰᠣᠪᠠᠢ ᠢᠩᠭᠡ ᠶᠢ ᠢᠪᠢᠯᠭᠡᠨ ᠰᠠᠭᠠᠬᠤ᠃ | ᠳᠣᠰ ᠵᠢᠯ ᠳᠤ ᠪᠤᠤᠷᠠᠨ ᠳᠤ ᠭᠠᠷᠤᠭ᠎ᠠ ᠦᠭᠡᠢ ︵ᠤᠷᠤᠭ᠎ᠠ ᠦᠭᠡᠢ︶ ᠰᠣᠪᠠᠶᠢᠷᠠᠭᠰᠠᠨ ᠪᠤᠯᠪᠠᠴᠣ ᠳᠣᠷᠣᠮ ᠨᠢ | ᠬᠦᠬᠦᠵᠤ ᠪᠠᠶᠢᠭ᠎ᠠ ᠰᠦ ᠨᠢ ᠰᠢᠷᠭᠢᠭᠡᠳᠦᠢ ᠢᠩᠭᠡ ᠶᠢ ᠬᠤᠶᠢᠳᠣ ᠵᠢᠯ ᠤᠨ ᠬᠢᠨᠢ ᠨᠠᠮᠤᠷ ᠪᠤᠯᠳᠠᠯ᠎ᠠ ᠰᠠᠭᠠᠬᠤ ᠶᠢ | ᠬᠤᠰᠠᠷᠠᠩ ᠰᠠᠭᠠᠬᠤ ᠭᠡᠳᠡᠭ᠃ | ᠢᠯᠭᠠᠵᠤ ᠰᠠᠭᠠᠬᠤ᠄ ᠢᠩᠭᠡ ᠪᠣᠳᠣᠭᠤ ᠶᠢ ᠢᠯᠭᠠᠵᠤ ᠰᠠᠭᠠᠬᠤ᠃ ᠪᠣᠳᠣᠭᠤ ᠲᠠᠢ ᠢᠩᠭᠡ ᠶᠢ ᠪᠠᠷᠤᠭ ᠲᠠᠭᠠᠨ | ᠬᠠᠪᠤᠷ ᠵᠤᠨ ᠤ ᠣᠯᠠᠷᠢᠯ ᠳᠤ ᠢᠯᠭᠠᠵᠤ ᠰᠠᠭᠠᠬᠤ ᠨᠢ ᠳᠣᠬᠢᠷᠠᠮᠵᠢᠳᠠᠢ ᠪᠠᠶᠢᠳᠠᠭ᠃ ᠬᠠᠪᠤᠷ ᠤᠨ ᠤᠯᠠᠷᠢᠯ ᠳᠤ ᠪᠣᠳᠣᠭᠤ | ᠨᠢᠯᠬ᠎ᠠ ᠪᠤᠯᠬᠤᠷ ᠣᠰᠣ ᠡᠪᠡᠰᠣ ᠳᠤ ᠣᠷᠤᠭ᠎ᠠ ᠦᠭᠡᠢ ᠵᠦᠪᠭᠡᠨ ᠡᠭᠡ ᠶᠢᠨ ᠰᠦ ᠪᠠᠨ ᠬᠦᠬᠦᠵᠣ ᠣᠨᠳᠠᠵᠣ ᠠᠮᠠᠷᠠᠬᠤ | ᠴᠠᠭ ᠨᠢ ᠣᠯᠠᠨ ᠪᠠᠶᠢᠳᠠᠭ᠃ ᠰᠠᠶ᠋ᠢ ᠡᠪᠡᠰᠣ ᠣᠰᠣᠨ ᠳᠤ ᠣᠷᠣᠬᠤ ᠳᠤᠨᠢ ᠡᠷᠬᠢᠬᠦᠯᠳᠣ ᠣᠶᠠᠭ᠎ᠠ ᠪᠠᠷ ᠣᠶᠠᠭᠠᠳ | ᠨᠠᠷᠢᠨ ᠡᠪᠡᠰᠣ ᠳᠠᠯᠪᠢᠵᠤ ᠦᠭᠬᠦ ᠪᠤᠶᠤ ᠦᠢᠷ᠎ᠠ ᠪᠡᠯᠴᠢᠭᠡᠷ ᠳᠠᠭᠤᠵᠤ᠂ ᠡᠳᠣᠷ ᠲᠤ ᠭᠡᠳᠣ ᠣᠳᠠᠭ᠎ᠠ ᠨᠡᠶᠢᠯᠡᠬᠦᠯᠵᠤ | ᠬᠦᠬᠦᠬᠦᠯᠦᠭᠡᠳ ᠨᠢᠭᠡ ᠰᠠᠭᠠᠮ᠎ᠠ ᠶᠢᠨ ᠰᠦ ᠶᠢ ᠨᠢ ᠬᠦᠮᠦᠨ ᠬᠤᠪᠢᠶᠠᠯᠴᠠᠨ ᠰᠠᠭᠠᠳᠠᠭ᠃ ᠡᠨᠡ ᠠᠷᠭ᠎ᠠ ᠶᠢ ᠢᠯᠭᠠᠵᠤ | ᠰᠠᠭᠠᠬᠤ ᠭᠡᠳᠡᠭ᠃ ᠨᠦᠬᠦᠴᠡᠯ ᠢᠶᠠᠨ ᠦᠵᠡᠵᠤ ᠳᠣᠷᠣᠮ ᠳᠤᠨᠢ ᠪᠠᠰᠠ ᠢᠯᠭᠠᠨ ᠰᠠᠭᠠᠵᠤ ᠪᠤᠯᠳᠠᠭ᠃ | ᠰᠠᠯᠭᠠᠵᠤ ᠰᠠᠭᠠᠬᠤ᠄ ᠢᠩᠭᠡ ᠪᠠᠨ ᠪᠣᠳᠣᠭᠤ ᠳᠣᠷᠣᠮ ᠳᠤᠨᠢ ᠬᠦᠬᠦᠬᠦᠯᠵᠤ ᠢᠪᠢᠯᠬᠦ ᠲᠠᠢ ᠵᠡᠷᠭᠡ ᠢᠩᠭᠡ ᠪᠠᠨ | ᠬᠦᠳᠦᠯᠵᠤ ᠪᠣᠳᠣᠭᠤ ᠳᠣᠷᠣᠮ ᠤᠨ ᠣᠶᠠᠭ᠎ᠠ ᠠᠴᠠ ᠵᠢᠭᠠᠬᠠᠨ ᠵᠠᠶᠢᠳᠠᠢ᠂ ᠳᠠᠷᠣᠢ ᠪᠣᠳᠣᠭᠤ ᠳᠣᠷᠣᠮ ᠨᠢ ᠡᠭᠡ ᠳᠡᠭᠡᠨ | ᠬᠦᠷᠬᠦ ᠦᠭᠡᠢ ᠭᠠᠵᠠᠷ ᠲᠤ ᠵᠤᠭᠰᠤᠭᠠᠭᠠᠳ ᠲᠦᠷᠪᠡᠨ ᠬᠦᠬᠦ ᠶᠢ ᠨᠢ ᠰᠠᠭᠠᠬᠤ᠃ | ᠳᠡᠯᠡᠪᠴᠢᠯᠠᠵᠤ ᠰᠠᠭᠠᠬᠤ᠄ ᠢᠩᠭᠡᠨ ᠤ ᠳᠠᠯᠠᠩ ᠬᠦᠬᠦ ᠶᠢ ᠭᠤᠷᠪᠠᠯᠵᠢᠨ ᠪᠦᠰᠡ ᠪᠠᠷ ᠬᠠᠭᠠᠵᠤ᠂ | ᠳᠣᠷᠣᠮ ᠳᠤᠨᠢ ᠬᠦᠬᠦᠬᠦᠯᠬᠦ ᠦᠭᠡᠢ ᠪᠠᠷ ᠰᠦ ᠨᠦᠭᠡᠴᠡᠯᠡᠵᠤ ᠰᠠᠭᠠᠬᠤ᠃ ᠢᠩᠭᠡᠨ ᠤ ᠬᠦᠬᠦ ᠪᠠᠨ ᠳᠠᠯᠠᠪᠴᠢ | ᠪᠦᠰ ᠢᠶᠠᠷ ᠳᠠᠯᠠᠪᠴᠢᠯᠠᠵᠤ᠂ ᠪᠣᠳᠣᠭᠤ ᠳᠣᠷᠣᠮ ᠳᠤᠨᠢ ᠬᠦᠬᠦᠬᠦᠯᠬᠦ ᠦᠭᠡᠢ ᠪᠠᠶᠢᠯᠭᠠᠵᠤ ᠪᠠᠶᠢᠭᠠᠳ ᠦᠳᠡᠰᠢ | ᠪᠡᠯᠴᠢᠭᠡᠷ ᠠᠴᠠ ᠬᠤᠳᠠᠯᠠᠭᠤᠯᠤᠭᠰᠠᠨ ᠤ ᠰᠡᠬᠦᠯᠡᠷ ᠳᠠᠯᠠᠪᠴᠢ ᠶᠢ ᠨᠢ ᠠᠪᠴᠣ᠂ ᠪᠣᠳᠣᠭᠤ ᠳᠣᠷᠣᠮ ᠳᠤᠨᠢ ᠬᠦᠬᠦᠬᠦᠯᠵᠤ | ᠢᠪᠢᠯᠭᠡᠭᠡᠳ ᠰᠠᠭᠠᠳᠠᠭ᠃ | ᠣᠷᠢᠶᠠᠵᠤ ᠰᠠᠭᠠᠬᠤ᠄ ᠢᠩᠭᠡᠨ ᠤ ᠬᠦᠬᠦ ᠶᠢ ᠳᠡᠮᠡᠭᠡᠨ ᠪᠠᠭᠠᠰᠣ ᠲᠠᠢ ᠨᠣᠣᠰᠣ ᠪᠠᠷ ᠣᠷᠢᠶᠠᠵᠤ ᠰᠠᠭᠠᠬᠤ᠃ | ᠨᠢᠭᠡ ᠳᠤᠭ ᠨᠣᠣᠰᠣᠨ ᠳᠡᠭᠡᠷ᠎ᠡ ᠲᠡᠮᠡᠭᠡᠨ ᠤ ᠨᠦᠢᠳᠡᠨ ᠪᠠᠭᠠᠰᠣ ᠠᠴᠠ ᠵᠢᠭᠠᠬᠠᠨ ᠲᠦᠷᠬᠢᠭᠡᠳ ᠢᠩᠭᠡᠨ ᠤ ᠬᠦᠬᠦ ᠶᠢ | ᠳᠣᠰ ᠳᠣᠰ ᠲᠤᠨᠢ ᠣᠷᠢᠶᠠᠵᠤ ︵ᠳᠣᠭᠤᠷᠢᠭᠤᠯᠵᠣ ᠪᠣᠭᠤᠬᠤ︶᠂ ᠪᠣᠳᠣᠭᠤ ᠳᠣᠷᠣᠮ ᠲᠠᠢ ᠨᠢ ᠨᠡᠶᠢᠯᠡᠬᠦᠯᠵᠤ᠂ ᠨᠢᠭᠡ | ᠪᠡᠯᠴᠢᠭᠡᠷ ᠲᠤ ᠢᠳᠡᠰᠢᠯᠡᠬᠦᠯᠦᠭᠡᠳ ᠦᠳᠡᠰᠢ ᠬᠤᠳᠠᠯᠠᠭᠤᠯᠤᠭᠰᠠᠨ ᠤ ᠳᠠᠷᠠᠭ᠎ᠠ ᠢᠩᠭᠡᠨ ᠤ ᠬᠦᠬᠦᠨ ᠳᠠᠬᠢ | ᠣᠷᠢᠶᠠᠯᠳᠠ ᠪᠠᠨ ᠠᠪᠴᠣ᠂ ᠳᠡᠯᠡᠩ ᠬᠦᠬᠦ ᠶᠢ ᠨᠢ ᠴᠡᠪᠡᠷ ᠣᠰᠣ ᠪᠠᠷ ᠤᠬᠢᠶᠠᠨ ᠴᠡᠪᠡᠷᠯᠡᠭᠡᠳ᠂ ᠪᠣᠳᠣᠭᠤ | ᠳᠣᠷᠣᠮ ᠳᠤᠨᠢ ᠬᠦᠬᠦᠬᠦᠯᠵᠣ ᠢᠪᠢᠯᠭᠡᠭᠡᠳ ᠰᠠᠭᠠᠳᠠᠭ᠃ ᠭᠡᠬᠦ ᠳᠡᠭᠡᠨ ᠮᠠᠯᠴᠢᠳ ᠦᠪᠡᠷ ᠤᠨ ᠪᠠᠶᠢᠳᠠᠯ ᠠᠴᠠ ᠪᠠᠨ | ᠬᠤᠶᠠᠷ ᠬᠦᠬᠦ ᠪᠤᠶᠤ ᠭᠤᠷᠪᠠᠨ ᠬᠦᠬᠦ ᠶᠢ ᠨᠢ ᠣᠷᠢᠶᠠᠵᠤ ᠪᠤᠯᠳᠠᠭ᠃ ᠢᠩᠬᠢᠵᠣ ᠰᠠᠭᠠᠬᠤ ᠨᠢ ᠬᠤᠯᠠᠳᠠᠭᠰᠠᠨ ᠵᠡᠷᠭᠡ | ᠨᠦᠬᠦᠴᠡᠯ ᠳᠣᠣᠷ᠎ᠠ ᠪᠣᠳᠣᠭᠤ ᠨᠢ ᠳᠣᠷᠨᠢᠭᠤᠨ ᠳᠣᠷᠣᠮ ᠪᠣᠯᠵᠣ ᠡᠪᠡᠰᠣ ᠪᠣᠷᠳᠤᠭ᠎ᠠ ᠪᠠᠷ ᠳᠡᠵᠢᠭᠡᠯ ᠢᠶᠠᠨ ᠪᠤᠯᠭᠠᠬᠤ | ᠴᠢᠳᠠᠪᠦᠷᠢᠳᠠᠢ ᠪᠣᠯᠣᠭᠰᠠᠨ ᠣᠷᠢᠳᠠᠯ ᠳᠤ ᠡᠨᠡ ᠠᠷᠭ᠎ᠠ ᠪᠠᠷ ᠢᠩᠭᠡ ᠪᠠᠨ ᠰᠠᠭᠠᠬᠤ ᠨᠢ ᠬᠦᠴᠣ ᠬᠦᠳᠡᠯᠮᠤᠷᠢ ᠳᠤ | ᠠᠷᠪᠢᠳᠠᠢ ᠮᠦᠷᠳᠡᠭᠡᠨ ᠢᠩᠭᠡ᠂ ᠳᠣᠷᠣᠮ ᠨᠢᠭᠡ ᠪᠡᠯᠴᠢᠭᠡᠷ ᠲᠤ ᠴᠤᠭ ᠲᠠᠭᠠᠨ ᠢᠳᠡᠰᠢᠯᠡᠭᠰᠡᠨ ᠴᠦ ᠡᠭᠡ ᠪᠠᠨ | ᠬᠦᠬᠦᠵᠣ ᠳᠡᠶᠢᠯᠬᠦ ᠦᠭᠡᠢ ᠪᠦᠳᠦᠨ ᠡᠳᠣᠷ ᠢᠶᠠᠷ ᠰᠦ ᠬᠠᠳᠠᠭᠠᠯᠠᠵᠤ ᠢᠷᠡᠬᠦ ᠰᠠᠶᠢᠨ ᠠᠷᠭ᠎ᠠ ᠮᠥᠨ᠃ | ᠳᠣᠳᠠᠭᠤ ᠰᠠᠭᠠᠬᠤ᠄ ᠢᠩᠭᠡᠨ ᠤ ᠳᠡᠯᠡᠩ ᠬᠦᠬᠦᠨ ᠳᠤᠨᠢ ᠰᠦ ᠦᠯᠡᠳᠡᠭᠡᠨ ᠰᠠᠭᠠᠬᠤ᠃ ᠬᠦᠬᠦᠯᠳᠣ ᠢᠩᠭᠡ ᠶᠢ | ᠪᠣᠳᠣᠭᠤ ᠳᠣᠷᠣᠮ ᠳᠤᠨᠢ ᠬᠦᠬᠦᠬᠦᠯᠵᠤ ᠪᠠᠶᠢᠬᠤ ᠦᠶᠡᠰ ᠲᠤ ᠰᠦ ᠶᠢ ᠨᠢ ᠦᠯᠡᠳᠡᠭᠡᠨ ᠰᠠᠭᠠᠳᠠᠭ᠃ | ᠰᠢᠪᠬᠠᠵᠤ ᠰᠠᠭᠠᠬᠤ᠄ ᠢᠩᠭᠡᠨ ᠤ ᠳᠡᠯᠡᠩ ᠬᠦᠬᠦᠨ ᠳᠠᠬᠢ ᠰᠦ ᠶᠢ ᠦᠯᠡᠳᠡᠭᠡᠯ ᠦᠭᠡᠢ ᠰᠢᠪᠬᠠᠨ ᠰᠠᠭᠠᠬᠤ᠃ | ᠦᠩ ᠰᠢᠮᠡᠯᠢᠭ ᠵᠢᠯ ᠳᠤ ᠳᠣᠷᠣᠮ ᠨᠢ ᠬᠦᠴᠣ ᠳᠠᠷᠭᠤ ᠰᠠᠶᠢᠳᠠᠢ ᠪᠤᠯ᠂ ᠢᠩᠭᠡ ᠪᠠᠨ ᠪᠣᠳᠣᠭᠤ ᠳᠣᠷᠣᠮ ᠳᠤᠨᠢ | ᠬᠦᠬᠦᠬᠦᠯᠵᠤ ᠢᠪᠢᠯᠭᠡᠭᠰᠡᠨ ᠤ ᠳᠠᠷᠠᠭ᠎ᠠ ᠳᠣᠷᠣᠮ ᠠᠴᠠ ᠨᠢ ᠵᠠᠶᠢᠯᠠᠭᠤᠯᠵᠤ᠂ ᠲᠦᠷᠪᠡᠨ ᠬᠦᠬᠦ ᠶᠢᠨ ᠬᠢᠨᠢ ᠰᠦ ᠶᠢ | ᠰᠢᠪᠬᠠᠨ ᠰᠠᠭᠠᠳᠠᠭ᠃ ᠢᠩᠭᠢᠵᠣ ᠰᠠᠭᠠᠬᠤ ᠨᠢ ᠪᠠᠷᠤᠭ ᠰᠢᠭ᠋ ᠡᠪᠤᠯ ᠤᠨ ᠣᠯᠠᠷᠢᠯ ᠪᠤᠶᠤ ᠬᠤᠶᠢᠳᠣᠨ ᠵᠢᠯ ᠤᠨ | ᠬᠠᠪᠤᠷ ᠤᠨ ᠤᠯᠠᠷᠢᠯ ᠳᠤ ᠲᠦᠯ ᠮᠠᠯ ᠨᠢ ᠳᠣᠷᠨᠢᠵᠤ ᠳᠣᠷᠣᠮ ︵ᠬᠤᠶᠠᠷ ᠨᠠᠰᠣ︶ ᠪᠤᠯᠤᠭᠰᠠᠨ ᠦᠶ᠎ᠡ ᠳᠤ | ᠳᠣᠬᠢᠷᠠᠮᠵᠢᠳᠠᠢ᠃ ᠡᠨᠡ ᠦᠶ᠎ᠡ ᠶᠢᠨ ᠰᠦ ᠨᠢ ᠦᠳᠭᠡᠨ ᠳᠣᠰᠣᠯᠢᠭ ᠪᠠᠶᠢᠳᠠᠭ᠃ | ᠬᠠᠶᠢᠳᠠᠭᠰᠢᠭᠤᠯᠵᠤ ᠰᠠᠭᠠᠬᠤ᠄ ᠬᠦᠮᠦᠨ ᠤ ᠭᠠᠷ ᠢᠶᠠᠷ ᠢᠪᠢᠯᠭᠡᠵᠤ ᠰᠠᠭᠠᠬᠤ᠃ ᠪᠣᠳᠣᠭᠤ ᠪᠠᠨ | ᠦᠬᠦᠬᠦᠯᠦᠭᠰᠡᠨ ᠢᠩᠭᠡ ᠶᠢ ᠰᠠᠭᠠᠬᠤ ᠳᠤ ᠬᠦᠮᠦᠨ ᠳᠤ ᠢᠪᠢᠯᠬᠦ ᠪᠤᠯᠭᠠᠬᠤ ᠶᠢ ᠭᠡᠯᠡᠳᠡᠭ᠃ ᠢᠩᠭᠢᠵᠣ ᠳᠠᠰᠬᠠᠭᠰᠠᠨ | ᠢᠩᠭᠡ ᠶᠢ ᠰᠠᠭᠠᠬᠤ ᠴᠠᠭ ᠨᠢ ᠪᠤᠯᠤᠭᠰᠠᠭᠠᠷ ᠪᠤᠳᠣᠭᠤ ᠬᠦᠬᠦᠬᠦᠯᠵᠤ ᠪᠠᠶᠢᠭ᠎ᠠ ᠮᠡᠳᠣ ᠪᠠᠷ ᠡᠳᠣᠷ ᠲᠤ ᠬᠤᠶᠠᠷ ᠪᠤᠶᠤ | ᠭᠡᠳᠣ ᠣᠳᠠᠭ᠎ᠠ ᠪᠠᠶᠢᠷᠢ ᠪᠡᠯᠴᠢᠭᠡᠷ ᠠᠴᠠ ᠪᠠᠨ ᠬᠦᠶᠦᠨ ᠢᠷᠡᠵᠣ ᠰᠠᠭᠠᠯᠭᠠᠳᠠᠭ᠃ ᠡᠬᠦᠨ ᠳᠤ ᠪᠣᠳᠣᠭᠤ ᠨᠢ | ᠦᠬᠦᠭᠰᠡᠨ ᠤ ᠰᠡᠬᠦᠯᠡᠷ ᠠᠷᠠᠰᠣ ᠶᠢ ᠨᠢ ᠦᠨᠦᠷᠯᠡᠬᠦᠯᠦᠭᠡᠳ ᠰᠠᠭᠠᠬᠤ ᠪᠤᠶᠤ ᠬᠦᠣᠰ ᠬᠦᠣᠰ ᠭᠡᠵᠤ ᠳᠠᠭᠤᠯᠠᠭᠰᠠᠭᠠᠷ | ᠪᠠᠶᠢᠵᠤ ᠰᠠᠭᠠᠭᠠᠳ ᠪᠠᠶᠢᠪᠠᠯ ᠣᠳᠠᠭᠠᠨ ᠬᠤᠭᠤᠴᠠᠭ᠎ᠠ ᠰᠠᠭᠠᠯᠭᠠᠬᠤ ᠪᠣᠯᠳᠠᠭ᠃ | ᠰᠠᠭᠠᠯᠢ ᠶᠢᠨ ᠪᠡᠯᠭᠡᠳᠡᠯ ᠶᠤᠰᠤ | ᠰᠦ ᠰᠠᠭᠠᠯᠢᠨ ᠤ ᠪᠡᠯᠭᠡᠳᠡᠯ ᠶᠤᠰᠤᠨ ᠳᠤ᠄ ᠮᠠᠯᠴᠢᠳ ᠢᠩᠭᠡ ᠪᠤᠳᠤᠭᠤᠯᠠᠵᠤ᠂ ᠰᠠᠭᠠᠯᠢ ᠰᠠᠭᠠᠵᠤ ᠡᠬᠢᠯᠡᠬᠦ ᠳᠤ | ᠲᠦᠯ ᠮᠠᠯ ᠢᠶᠠᠨ ᠪᠦᠷᠢᠨ ᠮᠡᠨᠳᠣ ᠪᠤᠶᠢᠵᠢᠭᠤᠯᠬᠤ᠂ ᠢᠳᠡᠭᠡ ᠴᠠᠭ᠎ᠠ ᠡᠯᠪᠡᠭ ᠪᠠᠶᠢᠬᠤ ᠶᠢ ᠪᠡᠯᠭᠡᠳᠡᠨ ᠰᠠᠭᠠᠭᠰᠠᠨ | ᠰᠦ ᠶᠢᠨ ᠳᠡᠭᠡᠵᠢ ᠪᠠᠨ ᠳᠡᠭᠷᠢ᠂ ᠭᠠᠵᠠᠷ᠂ ᠠᠭᠤᠯᠠ ᠣᠰᠣᠨ ᠳᠠᠭᠠᠨ ᠰᠠᠴᠣᠯᠢ ᠡᠷᠬᠦᠨ ᠳᠠᠭᠠᠳᠬᠠᠳᠠᠭ ᠶᠤᠰᠤᠨ ᠪᠤᠢ | ᠃ ᠰᠠᠴᠣᠯᠢ ᠡᠷᠬᠦᠬᠦ ᠶᠤᠰᠤ ᠨᠢ ᠡᠷᠳᠡ ᠴᠠᠭ ᠠᠴᠠ ᠮᠠᠯ ᠠᠵᠤ ᠠᠬᠤᠢ ᠡᠷᠬᠢᠯᠡᠨ ᠢᠷᠡᠭᠰᠡᠨ ᠮᠤᠩᠭᠤᠯᠴᠣᠳ ᠤᠨ | ᠦᠪᠡᠷᠮᠢᠴᠠ ᠨᠢᠭᠡᠨ ᠵᠠᠩ ᠦᠢᠯᠡ ᠪᠦᠭᠡᠳ ᠴᠠᠭᠠᠨ ᠢᠳᠡᠭᠡᠨ ᠡᠯᠪᠡᠭ ᠪᠠᠶᠠᠨ ᠪᠠᠶᠢᠬᠤ ᠶᠢ ᠢᠷᠦᠭᠡᠨ ᠵᠦᠩᠨᠡᠭᠰᠡᠨ | ᠪᠠᠶᠢᠳᠠᠭ ᠢ ᠰᠠᠭᠠᠯᠢᠴᠢᠳ ᠡᠳᠣᠷ ᠪᠦᠷᠢ ᠦᠷᠯᠦᠭᠡ ᠦᠳᠡᠰᠢ ᠰᠠᠭᠠᠯᠢ ᠰᠦ ᠪᠠᠨ ᠰᠠᠭᠠᠬᠤ ᠪᠦᠷᠢ ᠰᠦᠨ ᠤ | ᠳᠡᠭᠡᠵᠢ ᠪᠠᠨ ᠰᠠᠴᠣᠯᠢ ᠡᠷᠬᠦᠵᠣ᠂ ᠬᠤᠯᠠ ᠶᠠᠪᠤᠭᠰᠠᠨ ᠲᠦᠷᠦᠯ ᠰᠠᠳᠣᠨ ᠳᠣᠳᠣᠨᠣ ᠬᠦᠮᠦᠰ ᠢᠶᠠᠨ ᠠᠮᠣᠷ ᠮᠡᠨᠳᠣ | ᠢᠷᠡᠬᠦ ᠶᠢ ᠢᠷᠦᠭᠡᠨ ᠪᠡᠯᠭᠡᠳᠡᠭᠰᠡᠨ ᠪᠠᠶᠢᠳᠠᠭ᠃ ᠰᠠᠴᠣᠯᠢ ᠶᠢᠨ ᠮᠣᠳᠣ ᠪᠤᠶᠤ ᠬᠠᠯᠪᠠᠭ᠎ᠠ ᠪᠠᠨ ᠬᠠᠮᠢᠭ᠎ᠠ ᠦᠭᠡᠢ | ᠭᠠᠵᠠᠷ ᠲᠤ ᠬᠠᠶᠠᠬᠤ᠂ ᠬᠦᠮᠦᠨ ᠮᠠᠯ ᠤᠨ ᠬᠦᠯ ᠳᠤ ᠬᠢᠰᠬᠢᠬᠦᠯᠵᠤ ᠪᠤᠯᠬᠤ ᠦᠭᠡᠢ ᠭᠡᠮᠡᠨ ᠴᠡᠭᠡᠷᠯᠡᠵᠤ᠂ ᠭᠡᠷ ᠤᠨ | ᠳᠡᠭᠡᠪᠣᠷ᠂ ᠡᠬᠦᠳᠡᠨ ᠤ ᠳᠣᠳᠣᠭᠤ ᠵᠡᠷᠭᠡ ᠳᠡᠭᠡᠷ᠎ᠡ ᠭᠠᠵᠠᠷ ᠲᠤ ᠬᠢᠮᠠᠭᠠ ᠲᠠᠢ ᠬᠠᠳᠠᠭᠠᠵᠤ ᠳᠡᠯᠪᠢᠭᠠᠳ ᠭᠡᠷᠡᠭᠯᠡᠳᠡᠭ᠃ | ᠰᠦ ᠰᠠᠭᠠᠯᠢᠨ ᠳᠤ ᠣᠯᠠᠨ ᠴᠡᠭᠡᠷ ᠬᠤᠷᠢᠭ᠎ᠠ ᠪᠠᠶᠢᠳᠠᠭ᠃ ᠴᠠᠭᠠᠨ ᠢᠳᠡᠭᠡᠨ ᠢ ᠭᠠᠵᠠᠷ ᠲᠤ ᠠᠰᠬᠠᠬᠤ ᠪᠤᠶᠤ | ᠨᠤᠬᠠᠢ᠂ ᠰᠢᠪᠠᠭᠤ᠂ ᠮᠣᠣᠷ ᠵᠡᠷᠭᠡ ᠳᠣᠣᠷᠠᠳᠣ ᠲᠦᠷᠦᠯᠳᠡᠨ ᠠᠮᠢᠳᠠᠨ ᠳᠤ ᠳᠣᠯᠢᠶᠠᠯᠭᠠᠵᠤ ᠪᠤᠯᠬᠤ ᠦᠭᠡᠢ᠃ ᠴᠠᠭᠠᠨ | ᠢᠳᠡᠭᠡ ᠪᠤᠯ ᠠᠷᠢᠭᠤᠨ ᠴᠡᠪᠡᠷ᠂ ᠬᠦᠨᠳᠦᠳᠭᠡᠯ ᠶᠤᠰᠤᠨ ᠤ ᠬᠤᠭᠤᠯᠠ ᠣᠮᠳᠠ ᠮᠥᠨ᠃ ᠡᠶᠢᠮᠣ ᠠᠴᠠ ᠴᠠᠭᠠᠨ | ᠢᠳᠡᠭᠡ ᠶᠢ ᠳᠡᠮᠡᠭᠡᠨ ᠤ ᠳᠠᠯᠠᠯᠭ᠎ᠠ ᠠᠪᠤᠭᠰᠠᠨ ᠤ ᠳᠠᠷᠠᠭᠠᠬᠢ ᠭᠤᠷᠪᠠᠨ ᠡᠳᠣᠷ ᠤᠨ ᠳᠣᠳᠣᠷ᠎ᠠ ᠭᠠᠳᠠᠭᠰᠢ ᠭᠠᠷᠭᠠᠬᠤ | ᠦᠭᠡᠢ ᠴᠡᠭᠡᠷ ᠲᠠᠢ᠃ ᠣᠴᠢᠷ ᠨᠢ ᠪᠤᠶᠠᠨ ᠭᠡᠰᠢᠭ ᠲᠠᠭᠠᠭᠠᠨ᠎ᠠ ᠭᠡᠳᠡᠭ᠃ ᠵᠢᠷ ᠤᠨ ᠴᠠᠭ ᠲᠤ ᠴᠠᠭᠠᠨ ᠢᠳᠡᠭᠡ ᠶᠢ | ᠠᠶᠢᠯ ᠵᠡᠷᠭᠡᠯᠡᠳᠡᠭᠡ ᠳᠡᠭᠡᠨ ᠦᠭᠪᠡᠯ ᠰᠠᠪᠠᠨ ᠠᠴᠠ ᠵᠢᠭᠠᠬᠠᠨ ᠪᠣᠴᠠᠭᠠᠵᠤ᠂ ᠦᠪᠡᠷ ᠤᠨ ᠢᠶᠠᠨ ᠰᠠᠪᠠ ᠰᠠᠭᠤᠯᠠᠭ᠎ᠠ᠂ | ᠠᠶᠢᠷᠠᠭ ᠤᠨ ᠰᠦᠩ ︵ᠠᠭᠠᠷᠤ︶ ᠳᠡᠭᠡᠨ ᠳᠡᠭᠡᠵᠢ ᠠᠴᠠ ᠬᠠᠷᠢᠭᠤᠯᠵᠤ ᠠᠪᠳᠠᠭ᠃ ᠡᠨᠡ ᠨᠢ ᠭᠡᠰᠢᠭ ᠲᠠᠭᠠᠭᠠᠵᠤ᠂ | ᠰᠦ ᠰᠠᠴᠣᠯᠢ ᠬᠤᠪᠤᠷᠳᠠᠨ᠎ᠠ ᠭᠡᠵᠤ ᠴᠡᠭᠡᠷ ᠬᠤᠷᠢᠭ᠎ᠠ ᠲᠠᠢ ᠪᠠᠶᠢᠳᠠᠭ᠃ |