ᠰᠢᠨᠬᠤᠸᠠ ᠬᠤᠷᠢᠶ᠎ᠠ ᠪᠡᠭᠡᠵᠢᠩ ᠤᠨ 10 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠭᠡ ︵ | ᠰᠤᠷᠪᠤᠯᠵᠢᠯᠠᠬᠴᠢ ᠰᠢᠤᠢ ᠵᠢᠶᠦ᠋ᠨ ᠵᠢᠶᠤ︶ ᠰᠤᠷᠪᠤᠯᠵᠢᠯᠠᠬᠴᠢ 7 ᠤ ᠡᠳᠦᠷ ᠰᠤᠶᠤᠯ ᠵᠢᠭᠤᠯᠴᠢᠯᠠᠯ ᠤᠨ ᠶᠠᠮᠤᠨ ᠠᠴᠠ | ᠤᠶᠢᠯᠠᠭᠠᠬᠰᠠᠨ ᠢᠶᠠᠷ᠂ ᠤᠯᠤᠰ ᠤᠨ ᠪᠠᠶᠠᠷ ᠤᠨ ᠠᠮᠠᠷᠠᠯᠲᠠ ᠶᠢᠨ 7 ᠬᠤᠨᠤᠬ ᠲᠤ ᠤᠯᠤᠰ ᠤᠨ ᠲᠤᠳᠤᠭᠠᠳᠤ ᠳᠤ | ᠳᠠᠪᠬᠤᠷᠳᠠᠬᠰᠠᠨ ᠲᠤᠭ᠎ᠠ ᠪᠠᠷ ᠨᠡᠶᠢᠲᠡ 7.82 ᠳ᠋ᠦᠩᠰᠢᠭᠤᠷ ᠵᠢᠭᠤᠯᠴᠢᠨ ᠬᠦᠯᠢᠶᠡᠨ ᠠᠪᠴᠤ᠂ ᠦᠩᠭᠡᠷᠡᠭᠰᠡᠨ ᠤ | ᠮᠦᠨ ᠦᠶ᠎ᠡ ᠠᠴᠠ 7.81 ᠬᠤᠪᠢ ᠪᠷ ᠨᠡᠮᠡᠭᠳᠡᠵᠡᠢ︔ ᠵᠢᠭᠤᠯᠴᠢᠯᠠᠯ ᠤᠨ ᠤᠷᠤᠯᠭ᠎ᠠ 6497.1 ᠳ᠋ᠦᠩᠰᠢᠭᠤᠷ | ᠲᠦᠭᠦᠷᠢᠭ ᠬᠦᠷᠴᠦ᠂ ᠦᠩᠭᠡᠷᠡᠭᠰᠡᠨ ᠤ ᠮᠦᠨ ᠦᠶ᠎ᠡ ᠠᠴᠠ 8.47 ᠬᠤᠪᠢ ᠨᠡᠮᠡᠭᠳᠡᠪᠡ᠃ ᠦᠵᠡᠮᠦᠷᠢ ᠶᠢᠨ | ᠴᠢᠭ ᠤᠨ ᠦᠨ᠎ᠡ ᠬᠢᠮᠲᠠᠷᠠᠬᠰᠠᠨ᠂ ᠬᠤᠷᠳᠤᠨ ᠤ ᠵᠠᠮ ᠤᠨ ᠲᠦᠯᠦᠪᠦᠷᠢ ᠶᠢ ᠦᠭᠡᠶᠢᠰᠭᠡᠭᠰᠡᠨ᠂ ᠰᠤᠶᠤᠯ | ᠵᠢᠭᠤᠯᠴᠢᠯᠠᠯ ᠤᠨ ᠠᠭᠤᠰᠤᠯᠴᠠᠯ ᠪᠤᠯᠤᠨ ᠬᠢᠨᠠᠨ ᠬᠠᠮᠢᠶᠠᠷᠤᠯᠲᠠ ᠶᠢᠨ ᠬᠦᠴᠦᠯᠡᠴᠡ ᠪᠠᠨ ᠴᠢᠩᠭᠠᠳᠬᠠᠬᠰᠠᠨ ᠵᠡᠷᠭᠡ ᠳᠤ | ᠰᠢᠯᠲᠠᠭᠠᠯᠠᠬᠳᠠᠨ ᠵᠢᠭᠤᠯᠴᠢᠳ ᠤᠨ ᠬᠠᠩᠭᠠᠮᠵᠢ ᠪᠤᠯᠤᠨ ᠬᠦᠷᠲᠡᠭᠡᠮᠵᠢ ᠪᠦᠷ ᠮᠡᠳᠡᠭᠳᠡᠮ᠎ᠡ ᠳᠡᠭᠡᠭᠰᠢᠯᠡᠵᠡᠢ᠃ | ᠤᠶᠢᠯᠠᠭᠠᠬᠰᠠᠨ ᠢᠶᠠᠷ᠂ ᠤᠯᠤᠰ ᠤᠨ ᠪᠠᠶᠠᠷ ᠤᠨ ᠠᠮᠠᠷᠠᠯᠲᠠ ᠶᠢᠨ ᠬᠤᠭᠤᠴᠠᠭᠠᠨ ᠳᠤ ᠰᠤᠶᠤᠯ ᠢᠶᠠᠷ | ᠵᠢᠭᠤᠯᠴᠢᠯᠠᠯ ᠢ ᠠᠬᠢᠭᠤᠯᠤᠬᠰᠠᠨ ᠦᠷ᠎ᠡ ᠪᠦᠲᠦᠭᠡᠯ ᠰᠠᠶᠢᠨ᠂ 66.4 ᠬᠤᠪᠢ ᠶᠢᠨ ᠵᠢᠭᠤᠯᠴᠢᠨ ᠰᠤᠶᠤᠯ ᠤᠨ | ᠦᠵᠡᠮᠵᠢᠲᠤ ᠭᠠᠵᠠᠷ ᠢᠶᠠᠷ ᠵᠢᠭᠤᠯᠴᠢᠯᠠᠵᠦ᠂ 59.45 ᠬᠤᠪᠢ ᠶᠢᠨ ᠵᠢᠭᠤᠯᠴᠢᠨ ᠲᠡᠦᠬᠡ ᠰᠤᠶᠤᠯ ᠤᠨ ᠵᠡᠭᠡᠯᠢ | ᠭᠤᠳᠤᠮᠵᠢ ᠪᠠᠷ ᠲᠤᠭᠤᠷᠢᠨ᠂ 86.36 ᠬᠤᠪᠢ ᠶᠢᠨ ᠵᠢᠭᠤᠯᠴᠢᠨ ᠰᠠᠶ᠋᠊ ᠢ ᠶᠢᠨ ᠳᠤᠷᠠᠳᠤᠬᠰᠠᠨ ᠬᠤᠶᠠᠷ ᠲᠦᠷᠦᠯ ᠳᠤ | ᠪᠦᠷ ᠤᠷᠤᠯᠴᠠᠵᠠᠢ᠃ ᠤᠯᠤᠰ ᠤᠨ ᠪᠠᠶᠠᠷ ᠤᠨ ᠬᠤᠭᠤᠴᠠᠭᠠᠨ ᠳᠠᠬᠢ ᠵᠢᠬᠰᠠᠭᠠᠯ ᠪᠤᠯᠤᠨ ᠴᠡᠴᠡᠭᠲᠤ ᠲᠡᠷᠭᠡᠨ ᠤ | ᠦᠵᠡᠭᠦᠯᠦᠯᠭᠡ ᠨᠢ ᠵᠢᠭᠤᠯᠴᠢᠳ ᠤᠨ ᠠᠩᠬᠠᠷᠤᠯ ᠢ ᠲᠠᠲᠠᠵᠦ᠂ ᠬᠤᠪᠢᠰᠬᠠᠯ ᠤᠨ ᠤᠨᠴᠠᠯᠢᠬ ᠲᠠᠢ ᠵᠢᠭᠤᠯᠴᠢᠯᠠᠯ ᠨᠢ | ᠵᠢᠭᠤᠯᠴᠢᠳ ᠤᠨ ᠲᠡᠷᠢᠭᠦᠨ ᠰᠤᠩᠭᠤᠯᠲᠠ ᠪᠤᠯᠪᠠ᠃ ᠪᠠᠰᠠ ᠤᠯᠠᠩᠬᠢ ᠭᠠᠵᠠᠷ ᠤᠨ ᠦᠵᠡᠮᠦᠷᠢ ᠶᠢᠨ ᠴᠢᠭ ᠨᠢ | ᠦᠨ᠎ᠡ ᠪᠠᠨ ᠬᠢᠮᠳᠠᠷᠠᠭᠤᠯᠤᠬᠰᠠᠨ ᠠᠴᠠ ᠨᠡᠩ ᠤᠯᠠᠨ ᠵᠢᠭᠤᠯᠴᠢᠳ ᠤᠨ ᠠᠩᠬᠠᠷᠤᠯ ᠢ ᠲᠠᠲᠠᠬᠰᠠᠨ ᠪᠠᠶᠢᠨ᠎ᠠ᠃ | |