ᠪᠤᠷᠤᠲᠠᠯ᠎ᠠ ᠳᠤ ᠬᠤᠷᠲᠤᠨ ᠤ ᠭᠠᠯᠲᠤ ᠲᠡᠷᠭᠡ ᠨᠡᠪᠲᠡᠷᠡᠯ᠎ᠡ
ᠨᠡᠶᠢᠲᠡᠯᠡᠭᠰᠡᠨ ᠴᠠᠭ᠄
2019-09-19
     ᠰᠢᠨᠬᠤᠧᠠ ᠮᠤᠩᠭᠤᠯ ᠨᠧᠲ ᠬᠦᠬᠡᠬᠤᠲᠠ ᠶᠢᠨ 9 ᠰᠠᠷ᠎ᠠ ᠶᠢᠨ 18 ᠤ ᠡᠲᠦᠷ ᠤᠨ ᠴᠠᠬᠢᠯᠭᠠᠨ ᠮᠡᠲᠡᠭᠡ ︵ᠬ᠊ • ᠦᠵᠡᠰᠭᠦᠯᠡᠩ︶ ᠡᠨᠡ ᠰᠠᠷ᠎ᠠ ᠶᠢᠨ 20 ᠤ ᠡᠲᠦᠷ ᠠᠴᠠ ᠡᠬᠢᠯᠡᠨ ᠰᠢᠨᠵᠢᠶᠠᠩ ᠤᠨ ᠤᠢᠭᠤᠷ ᠤᠨ ᠦᠪᠡᠷᠲᠡᠭᠡᠨ ᠵᠠᠰᠠᠬᠤ ᠤᠷᠤᠨ ᠤ ᠪᠤᠷᠤᠲᠠᠯ᠎ᠠ ᠮᠤᠩᠭᠤᠯ ᠦᠪᠡᠷᠲᠡᠭᠡᠨ ᠵᠠᠰᠠᠬᠤ ᠵᠧᠤ ᠳᠤ ᠬᠤᠷᠲᠤᠨ ᠤ ᠭᠠᠯᠲᠤ ᠲᠡᠷᠭᠡ ᠠᠯᠪᠠᠨ ᠶᠤᠰᠤᠭᠠᠷ ᠨᠡᠪᠲᠡᠷᠡᠨ᠂ ᠪᠤᠷᠤᠲᠠᠯ᠎ᠠ ᠠᠴᠠ ᠦᠷᠦᠮᠴᠢ ᠬᠦᠷᠬᠦ ᠳᠤ ᠵᠦᠪᠬᠡᠨ 3᠄ 49 ᠴᠠᠭ ᠬᠡᠷᠡᠭᠰᠡᠬᠦ ᠪᠤᠯᠤᠨ᠎ᠠ᠃      ᠤᠢᠯᠠᠭᠠᠭᠰᠠᠨ ᠢᠶᠠᠷ᠂ ᠪᠤᠷᠤᠲᠠᠯ᠎ᠠ ᠦᠷᠲᠡᠭᠡ ᠦᠨᠦᠲᠦᠷ ᠠᠴᠠ ᠡᠬᠢᠯᠡᠨ ᠬᠤᠷᠲᠤᠨ ᠤ ᠭᠠᠯᠲᠤ ᠲᠡᠷᠭᠡᠨ ᠤ ᠲᠠᠰᠤᠯᠪᠤᠷᠢ ᠶᠢ ᠬᠤᠲᠠᠯᠲᠤᠵᠤ᠂ 20 ᠤ ᠡᠲᠦᠷ ᠠᠴᠠ ᠡᠬᠢᠯᠡᠨ ᠬᠤᠷᠲᠤᠨ ᠤ ᠭᠠᠯᠲᠤ ᠲᠡᠷᠭᠡ ᠨᠡᠪᠲᠡᠷᠡᠬᠦ ᠪᠤᠯᠤᠨ᠎ᠠ᠃ ᠪᠤᠷᠤᠲᠠᠯ᠎ᠠ ᠠᠴᠠ ᠦᠷᠦᠮᠴᠢ ᠬᠤᠭᠤᠷᠤᠨᠲᠤ ᠲᠤᠰᠪᠤᠷᠢ C8783/C8782᠂ C8783/C8784᠂ C8785/C8786 ᠭᠤᠷᠪᠠᠨ ᠡᠭᠡᠯᠵᠢ ᠶᠢᠨ ᠬᠤᠷᠲᠤᠨ ᠤ ᠭᠠᠯᠲᠤ ᠲᠡᠷᠭᠡ ᠲᠤᠬᠢᠷᠠᠭᠤᠯᠵᠤ ᠤᠤᠯ ᠨᠢ 6 ᠴᠠᠬ ᠠᠶᠠᠯᠠᠵᠤ ᠪᠠᠢᠭᠰᠠᠨ ᠨᠢ ᠪᠤᠭᠤᠨᠢᠰᠤᠭᠠᠳ 3᠄ 49 ᠴᠠᠭ ᠪᠤᠯᠤᠭᠰᠠᠨ ᠪᠠᠢᠨ᠎ᠠ᠃ ᠪᠤᠷᠤᠲᠠᠯ᠎ᠠ ᠰᠠᠯᠪᠤᠷᠢ ᠱᠤᠭᠤᠮ ᠨᠢ ᠯᠠᠨ ᠰᠢᠨ ᠲᠡᠮᠦᠷ ᠵᠠᠮ ᠤᠨ ᠰᠠᠯᠪᠤᠷᠢ ᠱᠤᠭᠤᠮ ᠪᠠᠢᠵᠤ᠂ ᠪᠤᠷᠤᠲᠠᠯ᠎ᠠ ᠦᠷᠲᠡᠭᠡᠨ ᠳᠤ ᠬᠤᠯᠪᠤᠯᠲᠤᠨ ᠨᠡᠢᠲᠡ 50 ᠺᠢᠯᠤᠮᠧᠲᠷ ᠤᠷᠲᠤ᠃ ᠵᠠᠮ ᠲᠠᠭᠠᠤ ᠪᠤᠷᠤᠲᠠᠯ᠎ᠠ᠂ ᠱᠤᠧᠠᠩ ᠾᠧ ᠬᠤᠶᠠᠷ ᠦᠷᠲᠡᠭᠡ ᠲᠤᠬᠢᠷᠠᠭᠤᠯᠪᠠ᠃ ᠪᠤᠷᠤᠲᠠᠯ᠎ᠠ ᠮᠤᠩᠭᠤᠯ ᠦᠪᠡᠷᠲᠡᠭᠡᠨ ᠵᠠᠰᠠᠬᠤ ᠵᠧᠤ 1954 ᠤᠨ ᠳᠤ ᠪᠠᠢᠭᠤᠯᠤᠭᠲᠠᠵᠤ᠂ ᠶᠡᠷᠦᠩᠬᠡᠢ ᠲᠠᠯᠠᠪᠠᠢ ᠨᠢ 2.72 ᠲᠦᠮᠡᠨ ᠺᠦᠧᠠᠳ᠋ ᠺᠢᠯᠤᠮᠧᠲᠷ᠃ ᠪᠤᠷᠤᠲᠠᠯ᠎ᠠ ᠬᠤᠲᠠ᠂ ᠠᠮᠠᠨ ᠠᠭᠤᠯᠠ ᠬᠤᠲᠠ᠂ ᠵᠢᠩ ᠰᠢᠶᠠᠨ᠂ ᠷᠠᠰᠢᠶᠠᠨ ᠰᠢᠶᠠᠨ ᠂ ᠰᠠᠢᠷᠠᠮ ᠨᠠᠭᠤᠷ ᠤᠨ ᠦᠵᠡᠮᠦᠷᠢ ᠶᠢᠨ ᠪᠦᠰᠡ ᠶᠢᠨ ᠬᠠᠮᠢᠶᠠᠷᠤᠯᠲᠠ ᠶᠢᠨ ᠲᠤᠭᠤᠷᠢᠭ᠂ ᠠᠮᠠᠨ ᠠᠭᠤᠯᠠ ᠶᠡᠷᠦᠩᠬᠡᠢᠯᠡᠭᠰᠡᠨ ᠭᠠᠢᠯᠢ ᠶᠢᠨ ᠴᠢᠯᠦᠭᠡᠲᠦ ᠪᠦᠰᠡ᠂ ᠡᠦ ᠲᠠᠢ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ᠂ ᠶᠢᠨ ᠰᠠᠨ ᠵᠢᠶᠤᠤ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ᠂ ᠵᠢᠩ ᠡᠾᠧ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ ᠭᠡᠬᠦ ᠬᠤᠶᠠᠷ ᠬᠤᠲᠠ᠂ ᠬᠤᠶᠠᠷ ᠰᠢᠶᠠᠨ᠂ ᠲᠠᠪᠤᠨ ᠲᠤᠭᠤᠷᠢᠭ ᠲᠠᠢ᠃ ᠵᠧᠤ ᠶᠢᠨ ᠲᠦᠪ ᠨᠢ ᠪᠤᠷᠤᠲᠠᠯ᠎ᠠ ᠪᠤᠯᠤᠨ᠎ᠠ᠃
 
ᠢᠷᠡᠯᠲᠡ᠄ ᠰᠢᠨᠬᠤᠧᠠ ᠮᠤᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1