ᠴᠠᠰᠤ ᠪᠤᠷᠤᠭᠠᠨ ᠲᠠᠢ ᠦᠶ᠎ᠡ ᠳᠤ ᠨᠠᠮᠤᠭ ᠤᠨ ᠭᠡᠢ ᠶᠢᠨ ᠵᠤᠭᠤᠷᠢ ᠶᠢ ᠭᠡᠷᠡᠭᠯᠡᠬᠦ ᠳᠤ ᠪᠠᠨ ᠶᠠᠭᠤ ᠶᠢ ᠠᠩᠬᠠᠷᠪᠠᠯ ᠵᠤᠬᠢᠬᠤ ᠪᠤᠢ
ᠨᠡᠶᠢᠲᠡᠯᠡᠭᠰᠡᠨ ᠴᠠᠭ᠄
2018-05-14
     ᠤᠢᠢᠷ᠎ᠠ ᠶᠢᠨ ᠵᠢᠯ ᠠᠴᠠ ᠬᠦᠳᠡᠭᠡ ᠨᠤᠳᠤᠭ ᠲᠤ ᠨᠠᠮᠤᠭ ᠤᠨ ᠭᠡᠢ ᠵᠠᠷᠤᠬᠤ ᠤᠷᠤᠰᠬᠠᠯ ᠭᠠᠷᠴᠤ᠂ ᠮᠠᠰᠢ ᠤᠯᠠᠨ ᠮᠠᠯᠴᠢᠨ ᠲᠠᠷᠢᠶᠠᠴᠢᠨ ᠡᠷᠤᠭᠡ ᠨᠠᠮᠤᠭ ᠤᠨ ᠭᠡᠢ ᠶᠢ ᠦᠪᠡᠷ ᠤᠨ ᠠᠳᠠᠯ ᠠᠮᠢᠳᠤᠷᠠᠯ ᠳᠤ ᠪᠠᠨ ᠦᠢᠯᠡᠴᠢᠯᠡᠬᠦᠯᠬᠦ ᠪᠤᠯᠤᠭᠰᠠᠨ ᠪᠠᠶᠢᠨ᠎ᠠ᠃ ᠲᠡᠶᠢᠮᠤ ᠪᠠᠷ ᠢᠶᠠᠨ ᠲᠤᠤᠷ᠎ᠠ ᠨᠠᠮᠤᠭ ᠤᠨ ᠭᠡᠢ ᠶᠢ ᠭᠡᠷᠡᠭᠯᠡᠬᠦ ᠲᠤᠬᠠᠢ ᠮᠡᠳᠡᠯᠭᠡ ᠠᠴᠠ ᠲᠠᠨᠢᠯᠴᠠᠭᠤᠯᠤᠶ᠎ᠠ᠃ ᠴᠠᠰᠤ ᠪᠤᠷᠤᠭᠠᠨ ᠲᠠᠢ ᠡᠳᠤᠷ ᠨᠠᠮᠤᠭ ᠤᠨ ᠭᠡᠢ ᠶᠢᠨ ᠵᠤᠭᠤᠷᠢ ᠶᠢ ᠵᠠᠷᠤᠬᠤ ᠳᠤ ᠪᠠᠨ ᠲᠤᠤᠷᠠᠬᠢ ᠵᠦᠢᠯ ᠢ ᠠᠩᠬᠠᠷᠤᠯ ᠳᠤ ᠪᠠᠨ ᠠᠪᠤᠪᠠᠯ ᠵᠤᠬᠢᠨ᠎ᠠ᠃        ᠨᠢᠭᠡ ᠳᠤ᠂ ᠨᠠᠮᠤᠭ ᠤᠨ ᠭᠡᠢ ᠶᠢᠨ ᠵᠤᠭᠤᠷᠢ ᠳᠠᠬᠢ ᠪᠤᠷᠳᠤᠭᠤᠷ ᠤᠨ ᠰᠢᠩᠭᠡᠨ ᠤ ᠬᠠᠭᠠᠰ ᠢ ᠨᠢ ᠲᠠᠳᠠᠵᠤ ᠭᠠᠷᠭᠠᠨ᠎ᠠ᠃      ᠬᠤᠶᠠᠷ ᠲᠤ᠂ ᠡᠰᠢ ᠰᠦᠷᠡᠯ ᠲᠡᠭᠡᠷ᠎ᠡ ᠬᠤᠤᠰ ᠪᠦᠷᠬᠦᠪᠴᠢ ᠲᠠᠪᠬᠤᠷᠯᠠᠨ ᠪᠦᠳᠡᠭᠡᠨ᠎ᠡ᠂ ᠪᠦᠳᠡᠭᠡᠬᠦ ᠳᠤ ᠪᠠᠨ ᠤᠷᠢᠳᠠᠪᠠᠷ 10 ~ 20 ᠰᠡᠨᠲ᠋ᠢᠮᠧᠳ᠋ᠷ ᠵᠤᠵᠠᠭᠠᠨ ᠡᠰᠢ ᠰᠦᠷᠡᠯ ᠢᠶᠠᠷ ᠪᠦᠳᠡᠭᠡᠵᠤ᠂ ᠲᠡᠭᠡᠷ᠎ᠡ ᠨᠢ ᠬᠠᠷ᠎ᠠ ᠦᠡᠭᠭᠡᠳᠡᠢ ᠪᠦᠷᠬᠦᠪᠴᠢ ᠪᠠᠷ ᠪᠦᠷᠬᠦᠵᠤ᠂ ᠲᠠᠬᠢᠭᠠᠳ 5 ᠰᠡᠨᠲ᠋ᠢᠮᠧᠳ᠋ᠷ ᠦᠨᠳᠤᠷ ᠭᠠᠵᠠᠷ ᠤᠳᠠᠰᠤ ᠲᠠᠳᠠᠵᠤ ᠴᠠᠭᠠᠨ ᠦᠡᠭᠭᠡᠳᠡᠢ ᠪᠦᠷᠬᠦᠪᠴᠢ ᠪᠠᠷ ᠪᠦᠳᠡᠭᠡᠨ᠎ᠡ᠃ ᠲᠡᠭᠡᠭᠡᠳ ᠪᠦᠷᠬᠦᠪᠴᠢ ᠶᠢᠨ ᠲᠦᠷᠪᠡᠨ ᠲᠠᠯ᠎ᠠ ᠶᠢ ᠨᠢ ᠰᠤᠯᠠ ᠰᠢᠷᠤᠢ ᠪᠤᠶᠤ ᠡᠯᠡᠰᠤ ᠪᠠᠷ ᠰᠠᠶᠢᠨ ᠲᠠᠷᠤᠵᠤ᠂ ᠲᠦᠷᠪᠠᠨ ᠲᠠᠯ᠎ᠠ ᠶᠢ ᠨᠢ ᠵᠤᠭᠤᠷᠢ ᠠᠴᠠ ᠪᠠᠨ 1 ᠮᠧᠳ᠋ᠷ ᠦᠨᠳᠤᠷ ᠪᠠᠶᠢᠯᠭᠠᠪᠠᠯ ᠵᠤᠬᠢᠨ᠎ᠠ᠃      ᠭᠤᠷᠪᠠ ᠳᠤ᠂ ᠲᠡᠭᠡᠷ᠎ᠡ ᠨᠢ ᠲᠡᠬᠢᠵᠤ ᠰᠢᠨ᠎ᠡ ᠪᠤᠷᠳᠤᠭᠤᠷ ᠢᠶᠠᠨ ᠬᠠᠯᠠᠭᠠᠵᠤ ᠢᠯᠵᠡᠯᠠᠭᠰᠡᠨ ᠤ ᠲᠠᠷᠠᠭ᠎ᠠ ᠵᠤᠭᠤᠷᠢ ᠳᠤ ᠪᠠᠨ ᠨᠡᠮᠡᠨ᠎ᠡ ︵ᠭᠡᠷᠪᠡ ᠶᠠᠭ ᠰᠢᠨ᠎ᠡ ᠪᠤᠷᠳᠤᠭᠤᠷ ᠪᠠᠶᠢᠬᠤ ᠦᠭᠡᠢ ᠪᠤᠯ ᠤᠷᠢᠳᠠᠪᠠᠷ ᠲᠠᠳᠠᠵᠤ ᠭᠠᠷᠭᠠᠭᠰᠠᠨ ᠪᠤᠷᠳᠤᠭᠤᠷ ᠠᠴᠠ ᠪᠠᠨ ᠬᠢᠵᠤ ᠲᠠᠷᠠᠭᠠᠪᠠᠷ ᠰᠢᠨ᠎ᠡ ᠪᠤᠷᠳᠤᠭᠤᠷ ᠲᠠᠢ ᠪᠤᠯᠤᠭᠰᠠᠨ ᠤ ᠲᠠᠷᠠᠭ᠎ᠠ ᠰᠢᠨ᠎ᠡ ᠪᠤᠷᠳᠤᠭᠤᠷ ᠨᠡᠮᠡᠨ᠎ᠡ︶᠃ ᠨᠡᠮᠡᠬᠦ ᠠᠷᠭ᠎ᠠ᠄ ᠤᠷᠢᠳᠠᠪᠠᠷ ᠨᠢᠭᠡ ᠨᠦᠭᠡ ᠮᠠᠯᠳᠠᠵᠤ᠂ ᠢᠷᠤᠭᠠᠷ ᠲᠤᠨᠢ ᠬᠠᠷ᠎ᠠ ᠰᠦᠯᠢᠶᠤᠤ ᠲᠠᠪᠢᠰᠴᠤ᠂ ᠲᠡᠭᠡᠷ᠎ᠡ ᠨᠢ ᠪᠤᠷᠳᠤᠭᠤᠷ ᠢᠶᠠᠨ ᠬᠢᠬᠦ ᠶᠢᠨ ᠬᠠᠮᠳᠤ ᠢᠰᠭᠡᠬᠦᠷ ᠢᠶᠠᠨ ᠨᠡᠮᠡᠵᠤ᠂ ᠲᠡᠭᠡᠷ᠎ᠡ ᠨᠢ ᠪᠦᠯᠢᠶᠠᠨ ᠤᠰᠤ ᠨᠡᠮᠡᠵᠤ ᠴᠠᠭᠠᠨ ᠰᠦᠯᠢᠶᠤᠤ ᠪᠠᠷ ᠪᠦᠳᠡᠭᠡᠭᠡᠳ ᠲᠦᠷᠪᠡᠨ ᠲᠠᠯ᠎ᠠ ᠶᠢ ᠨᠢ ᠰᠢᠷᠤᠢ ᠪᠠᠷ ᠰᠠᠶᠢᠨ ᠲᠠᠷᠤᠵᠤ ᠲᠠᠯᠪᠢᠨ᠎ᠠ᠃ 5 ~ 10 ᠡᠳᠤᠷ ᠤᠨ ᠲᠠᠷᠠᠭ᠎ᠠ᠂ ᠪᠤᠷᠳᠤᠭᠤᠷ ᠨᠢ ᠭᠡᠢ ᠢᠯᠭᠠᠷᠠᠭᠤᠯᠬᠤ ︵ᠭᠡᠢ ᠭᠠᠷᠴᠤ ᠪᠠᠶᠢᠪᠠᠯ︶ ᠦᠶ᠎ᠡ ᠳᠤ ᠵᠤᠭᠤᠷᠢᠨ ᠳᠤ ᠪᠠᠨ ᠬᠢᠭᠡᠳ ᠭᠡᠷᠡᠭᠯᠡᠨ᠎ᠡ᠃      ᠲᠦᠷᠪᠡ ᠳᠤ᠂ ᠵᠤᠭᠤᠷᠢᠨ ᠤ ᠪᠠᠨ ᠤᠷᠤᠵᠤ ᠭᠠᠷᠬᠤ ᠠᠮᠠᠰᠡᠷ ᠢ ᠰᠠᠶᠢᠨ ᠲᠠᠷᠤᠵᠤ ᠲᠡᠯᠪᠢᠨ᠎ᠠ᠃      ᠲᠠᠪᠤ ᠳᠤ᠂ ᠨᠦᠬᠦᠴᠡᠯ ᠲᠠᠢ ᠪᠤᠯ ᠤᠰᠤᠨ ᠬᠦᠭᠡᠷᠭᠡ ᠪᠠᠷ ᠡᠳᠤᠷ ᠪᠤᠯᠭᠠᠨ ᠪᠤᠷᠳᠤᠭᠤᠷ ᠢᠶᠠᠨ ᠨᠢᠭᠡ ᠤᠳᠠᠭ᠎ᠠ ᠬᠦᠳᠡᠯᠭᠡᠵᠤ᠂ ᠤᠳᠠᠭ᠎ᠠ ᠪᠦᠷᠢ ᠭᠤᠴᠢᠨ ᠮᠢᠨᠦ᠋ᠲ ᠤᠷᠴᠢᠮ ᠬᠦᠳᠡᠯᠭᠡᠨ᠎ᠡ᠃ ᠦᠳᠡ ᠶᠢᠨ ᠦᠶ᠎ᠡ ᠳᠤ ᠬᠦᠳᠡᠯᠭᠡᠪᠡᠯ ᠬᠠᠮᠤᠭ ᠤᠨ ᠰᠠᠶᠢᠨ ᠪᠠᠶᠢᠵᠤ᠂ ᠪᠤᠷᠳᠤᠭᠤᠷ ᠤᠨ ᠲᠤᠯᠠᠭᠠᠨ ᠤ ᠭᠡᠮᠵᠢᠶ᠎ᠡ ᠨᠢ ᠲᠤᠷᠤᠭᠰᠢᠯᠠᠬᠤ ᠠᠴᠠ ᠰᠡᠷᠭᠡᠶᠢᠯᠡᠵᠤ ᠲᠡᠶᠢᠯᠤᠨ᠎ᠡ᠃ ᠡᠳᠤᠷ ᠪᠤᠯᠭᠠᠨ ᠨᠢᠭᠡ ᠭᠡᠰᠡᠭ ᠪᠤᠷᠳᠤᠭᠤᠷ ᠢ ᠨᠢ ᠲᠠᠳᠠᠵᠤ ᠭᠠᠷᠭᠠᠭᠠᠳ ᠲᠠᠬᠢᠵᠤ ᠬᠢᠭᠰᠡᠨ ᠴᠤ ᠪᠤᠯᠤᠨ᠎ᠠ᠃ ᠠᠷᠭᠠᠯ ᠪᠤᠶᠤ ᠡᠰᠢ ᠰᠦᠷᠡᠯ ᠡᠯᠪᠡᠭ ᠠᠶᠢᠯ ᠠᠷᠭᠠᠯ ᠪᠤᠯᠤᠨ ᠡᠰᠢ ᠰᠦᠷᠡᠯ ᠢᠶᠠᠨ ᠤᠪᠤᠭᠠᠯᠠᠵᠤ ᠲᠡᠭᠡᠷ᠎ᠡ ᠨᠢ ᠪᠠᠭ᠎ᠠ ᠭᠡᠮᠵᠢᠶᠡᠨ ᠤ ᠤᠰᠤ ᠬᠢᠵᠤ᠂ ᠢᠯᠵᠠᠯᠠᠭᠰᠡᠨ ᠤ ᠲᠠᠷᠠᠭ᠎ᠠ ᠵᠤᠭᠤᠷᠢᠨ ᠳᠤ ᠪᠠᠨ ᠭᠢᠨ᠎ᠡ᠃      ᠪᠤᠷᠳᠤᠭᠤᠷ ᠨᠡᠮᠡᠬᠦ ᠳᠤ ᠪᠠᠨ ᠠᠩᠬᠠᠷᠬᠤ ᠵᠦᠢᠯ᠄ 1᠂ ᠬᠦᠢᠳᠡᠨ ᠪᠤᠷᠳᠤᠭᠤᠷ ᠢ ᠰᠢᠭᠤᠳ ᠵᠤᠭᠤᠷᠢᠨ ᠳᠤ ᠪᠠᠨ ᠬᠢᠵᠤ ᠪᠤᠯᠬᠤ ᠦᠭᠡᠢ᠂ ᠵᠠᠪᠠᠯ ᠲᠤᠯᠠᠭᠠᠨ ᠢ ᠨᠢ ᠲᠡᠭᠡᠭᠰᠢᠯᠡᠬᠦᠯᠦᠭᠰᠡᠨ ᠤ ᠲᠠᠷᠠᠭ᠎ᠠ ᠬᠢᠨ᠎ᠠ᠃ 2᠂ ᠦᠷᠯᠦᠭᠡ ᠤᠷᠤᠢ ᠪᠤᠶᠤ ᠴᠠᠰᠤ ᠪᠤᠷᠤᠭᠠᠨ ᠲᠠᠢ ᠦᠶ᠎ᠡ ᠳᠤ ᠪᠤᠷᠳᠤᠭᠤᠷ ᠤᠷᠤᠭᠤᠯᠵᠤ ᠭᠠᠷᠭᠠᠬᠤ ᠪᠤᠶᠤ ᠵᠤᠭᠤᠷᠢᠨ ᠳᠠᠬᠢ ᠪᠤᠷᠳᠤᠭᠤᠷ ᠢᠶᠠᠨ ᠬᠦᠳᠡᠯᠭᠡᠵᠤ ᠪᠤᠯᠬᠤ ᠦᠭᠡᠢ᠃ 3᠂ ᠬᠠᠭᠤᠷᠠᠢ ᠠᠷᠭᠠᠯ ᠢ ᠰᠢᠭᠤᠳ ᠵᠤᠭᠤᠷᠢᠨ ᠳᠤ ᠪᠠᠨ ᠬᠢᠵᠤ ᠪᠤᠯᠬᠤ ᠦᠭᠡᠢ᠃      ᠨᠠᠮᠤᠭ ᠤᠨ ᠭᠡᠢ ᠶᠢᠨ ᠵᠤᠭᠤᠷᠢ ᠶᠢ ᠬᠠᠮᠠᠭᠠᠯᠠᠬᠤ ᠳᠤ ᠠᠩᠬᠠᠷᠬᠤ ᠵᠦᠢᠯ᠄ 1᠂ ᠨᠢᠭᠡᠯᠡ ᠲᠡᠭᠡᠷ᠎ᠡ ᠬᠦᠷᠦᠯᠴᠡᠬᠦ᠋ᠢᠴᠡ ᠪᠤᠷᠳᠤᠭᠤᠷ ᠬᠢᠵᠤ᠂ ᠬᠦᠢᠳᠡᠨ ᠪᠤᠷᠳᠤᠭᠤᠷ ᠬᠢᠬᠦ ᠭᠡᠮᠵᠢᠶ᠎ᠡ ᠪᠤᠯᠤᠨ ᠤᠳᠠᠭ᠎ᠠ ᠪᠠᠨ ᠪᠠᠭᠠᠰᠬᠠᠨ᠎ᠠ᠃ 2᠂ ᠬᠠᠮᠤᠭ ᠲᠡᠷᠢᠬᠦᠨ ᠳᠤ ᠲᠤᠯᠠᠭᠠᠨ ᠢ ᠪᠠᠳᠤᠯᠠᠬᠤ ᠲᠤᠯᠠᠭᠠᠨ ᠢ ᠨᠡᠮᠡᠭᠳᠡᠬᠦᠯᠬᠦ ᠠᠷᠭ᠎ᠠ ᠭᠡᠮᠵᠢᠶ᠎ᠡ ᠠᠪᠬᠤ ᠭᠡᠷᠡᠭᠳᠡᠢ᠃ 3᠂ ᠭᠡᠢ ᠲᠠᠮᠵᠢᠭᠤᠯᠬᠤ ᠭᠤᠤᠷᠰᠤ ᠪᠤᠯᠤᠨ ᠵᠠᠯᠭᠠᠭᠤᠷ ᠤᠨ ᠭᠡᠰᠡᠭ ᠢ ᠰᠠᠶᠢᠨ ᠪᠠᠶᠢᠴᠠᠭᠠᠵᠤ᠂ ᠭᠡᠢ ᠬᠦᠶᠤᠬᠦ ᠠᠴᠠ ᠰᠡᠷᠭᠡᠶᠢᠯᠡᠨ᠎ᠡ᠃ ᠨᠦᠬᠦᠴᠡᠯ ᠲᠠᠢ ᠪᠤᠯ ᠨᠠᠮᠤᠭ ᠤᠨ ᠭᠡᠢ ᠶᠢᠨ ᠵᠤᠭᠤᠷᠢ ᠪᠠᠨ ᠪᠢᠳᠡᠬᠦᠤ ᠲᠤᠯᠠᠭᠠᠨ ᠭᠡᠷ ᠲᠤ ᠪᠠᠶᠢᠭᠤᠯᠪᠠᠯ ᠶᠠᠮᠠᠷ ᠤᠯᠠᠷᠢᠯ ᠳᠤ ᠴᠤ ᠭᠡᠰᠡᠨ ᠨᠠᠮᠤᠭ ᠤᠨ ᠭᠡᠢ ᠶᠢᠨ ᠭᠠᠷᠬᠤ ᠭᠡᠮᠵᠢᠶ᠎ᠡ ᠶᠢ ᠨᠡᠮᠡᠭᠳᠡᠬᠦᠯᠵᠤ ᠴᠢᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1