3000 ᠭᠠᠷᠤᠢ ᠦᠨᠦᠴᠢᠨ ᠬᠡᠦᠬᠡᠳ ᠲᠤ ᠪᠠᠶᠠᠷ ᠤᠨ ᠡᠲᠦᠷ ᠢ ᠨᠢ ᠲᠡᠮᠲᠡᠭᠯᠡᠵᠦ ᠦᠭᠪᠡ
ᠨᠡᠶᠢᠲᠡᠯᠡᠭᠰᠡᠨ ᠴᠠᠭ᠄
2019-05-31
     ᠰᠢᠨᠬᠤᠧᠠ ᠬᠤᠷᠢᠶ᠎ᠠ ᠪᠡᠭᠡᠵᠢᠩ ᠤᠨ 5 ᠰᠠᠷ᠎ᠠ ᠶᠢᠨ 30 ᠤ ᠡᠲᠦᠷ ᠤᠨ ᠴᠠᠬᠢᠯᠭᠠᠨ ᠮᠡᠲᠡᠭᠡ ︵ᠳ᠋ᠦᠩ ᠵᠢᠶᠦ᠋ᠨ᠂ ᠬᠠᠨ ᠵᠢᠶᠠ ᠨᠦᠸᠧ︶ ︽6 · 1︾ ᠤ ᠬᠡᠦᠬᠡᠳ ᠤᠨ ᠪᠠᠶᠠᠷ ᠠᠴᠠ ᠡᠮᠦᠨᠡᠬᠡᠨ ᠲᠤᠮᠲᠠᠲᠤ ᠶᠢᠨ ᠬᠡᠦᠬᠡᠳ ᠪᠠᠭᠠᠴᠤᠳ ᠤᠨ ᠨᠢᠬᠦᠯᠡᠰᠦᠩᠭᠦᠢ ᠠᠪᠤᠷᠠᠨ ᠲᠤᠰᠠᠯᠠᠬᠤ ᠰᠠᠭᠤᠷᠢ ᠮᠦᠩᠬᠦᠨ ᠤ ᠨᠡᠢᠭᠡᠮᠯᠢᠭ ᠤᠨ ︽ᠦᠨᠦᠴᠢᠨ ᠬᠡᠦᠬᠡᠳ ᠤᠨ ᠬᠦᠰᠡᠯ ᠢ ᠪᠡᠶᠡᠯᠡᠬᠦᠯᠬᠦ︾ ᠲᠦᠰᠦᠯ ᠨᠢ ᠭᠤᠧᠠᠩᠳᠦ᠋ᠩ᠂ ᠬᠤᠨᠠᠨ ᠵᠡᠷᠭᠡ ᠮᠤᠵᠢ ᠶᠢᠨ 3000 ᠭᠠᠷᠤᠢ ᠦᠨᠦᠴᠢᠨ ᠬᠡᠦᠬᠡᠳ ᠲᠤ ᠬᠦᠰᠡᠯ ᠢ ᠨᠢ ᠪᠡᠶᠡᠯᠡᠬᠦᠯᠬᠦ ᠪᠠᠷ ᠪᠡᠯᠡᠭ ᠰᠡᠯᠲᠡ ᠬᠦᠷᠭᠡᠭᠰᠡᠨ ᠪᠠᠢᠨ᠎ᠠ᠃      ᠲᠤᠰ ᠲᠦᠰᠦᠯ ᠤᠨ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠠᠷ᠂ ᠲᠦᠰᠦᠯ ᠢ ᠬᠡᠷᠡᠭᠵᠢᠬᠦᠯᠬᠦ ᠶᠠᠪᠤᠴᠠ ᠳᠤ ᠬᠡᠦᠬᠡᠳ ᠤᠨ ᠨᠢᠭᠤᠴᠠ ᠪᠤᠯᠤᠨ ᠦᠪᠡᠷ ᠢ ᠪᠠᠨ ᠬᠦᠨᠳᠦᠳᠭᠡᠬᠦ ᠰᠡᠳᠬᠢᠯᠭᠡ ᠶᠢ ᠨᠢ ᠬᠠᠮᠠᠭᠠᠯᠠᠨ᠂ ᠬᠠᠷᠢᠯᠴᠠᠨ ᠢᠲᠡᠭᠡᠯᠴᠡᠵᠦ ᠬᠡᠦᠬᠡᠳ ᠢ ᠬᠦᠨᠳᠦᠳᠭᠡᠭᠰᠡᠨ ᠰᠠᠭᠤᠷᠢᠨ ᠳᠤ ᠪᠠᠶᠠᠷ ᠬᠦᠷ ᠲᠠᠢ ᠪᠠᠶᠠᠷ ᠤᠨ ᠡᠲᠦᠷ ᠤᠨ ᠤᠷᠴᠢᠨ ᠢ ᠪᠤᠢ ᠪᠤᠯᠭᠠᠬᠤ ᠶᠢ ᠬᠢᠴᠢᠶᠡᠭᠰᠡᠨ ᠪᠠᠢᠲᠠᠭ ᠭᠡᠵᠡᠢ᠃      ᠲᠠᠨᠢᠯᠴᠠᠭᠤᠯᠤᠭᠰᠠᠨ ᠢᠶᠠᠷ᠂ ︽ᠦᠨᠦᠴᠢᠨ ᠬᠡᠦᠬᠡᠳ ᠤᠨ ᠬᠦᠰᠡᠯ ᠢ ᠪᠡᠶᠡᠯᠡᠬᠦᠯᠬᠦ︾ ᠲᠦᠰᠦᠯ ᠢ 2016 ᠤᠨ ᠠᠴᠠ ᠡᠬᠢᠯᠡᠨ ᠬᠡᠷᠡᠭᠵᠢᠬᠦᠯᠵᠦ ᠤᠲᠤᠬᠠᠨ ᠳᠤ ᠦᠪᠦᠷ ᠮᠤᠩᠭᠤᠯ᠂ ᠶᠦᠨᠨᠠᠨ᠂ ᠰᠧᠴᠤᠧᠠᠨ᠂ ᠡᠾᠧᠨᠠᠨ᠂ ᠬᠤᠨᠠᠨ᠂ ᠭᠤᠧᠠᠩᠳᠦ᠋ᠩ᠂ ᠱᠠᠨᠰᠢ᠂ ᠠᠨᠾᠦ᠋ᠢ᠂ ᠵᠢᠶᠠᠩᠰᠤ ᠵᠡᠷᠭᠡ 17 ᠮᠤᠵᠢ ᠤᠷᠤᠨ ᠤ 340 ᠲᠤᠭᠤᠷᠢᠭ ᠰᠢᠶᠠᠨ ᠤ 13000 ᠭᠠᠷᠤᠢ ᠦᠨᠦᠴᠢᠨ ᠬᠡᠦᠬᠡᠳ ᠢ ᠲᠤᠰᠠᠯᠠᠨ ᠲᠡᠮᠵᠢᠭᠰᠡᠨ ᠪᠠᠢᠨ᠎ᠠ᠃
 
ᠢᠷᠡᠯᠲᠡ᠄ ᠰᠢᠨᠬᠤᠧᠠ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1