ᠪᠠᠶᠢᠴᠠᠭᠠᠯᠳᠠ ᠳᠤ ᠬᠠᠷᠠᠭᠤᠯᠤᠭᠰᠠᠨ ᠢᠶᠠᠷ᠂ 75% ᠶᠢᠨ ᠤᠶᠤᠳᠠᠨ ᠦᠪᠡᠷ ᠢ ᠪᠠᠨ ᠤᠳᠠᠭᠠᠯᠢᠭ ᠭᠡᠮ ᠲᠠᠢ | ᠭᠡᠵᠦ ᠦᠵᠡᠭᠰᠡᠨ ᠪᠠᠶᠢᠨ᠎ᠠ᠃ ᠠᠮᠧᠷᠢᠺᠠ ᠶᠢᠨ ᠨᠢᠭᠡᠨ ᠰᠤᠳᠤᠯᠭᠠᠨ ᠳᠤ᠂ ᠪᠡᠶ᠎ᠡ ᠶᠢᠨ ᠪᠤᠯᠪᠠᠰᠤᠷᠠᠯ ᠤᠳᠠᠭᠠᠯᠢᠭ ᠭᠡᠮ ᠢ | ᠵᠠᠰᠠᠬᠤ ᠳᠤ ᠳᠤᠰᠠᠳᠠᠢ ᠬᠡᠯ᠎ᠠ᠃ | ᠠᠮᠧᠷᠢᠺᠠ ᠶᠢᠨ ᠵᠢᠶᠤᠤᡁᠢᠮᠸᠢᠢᠰᠤᠨ ᠶᠡᠭᠡ ᠰᠤᠷᠭᠠᠭᠤᠯᠢ ᠶᠢᠨ ᠰᠤᠳᠤᠯᠭᠠᠳᠠᠳ 179 ᠤᠶᠤᠳᠠᠨ ᠢ ᠡᠯᠰᠡᠭᠡᠳ | ᠲᠡᠳᠡᠨ ᠢᠶᠠᠷ 21 ᠡᠳᠦᠷ ᠤᠨ ᠳᠤᠳᠤᠷᠠᠬᠢ ᠪᠡᠶ᠎ᠡ ᠪᠠᠨ ᠪᠤᠯᠪᠠᠰᠤᠷᠠᠭᠰᠠᠨ ᠪᠠᠶᠢᠳᠠᠯ ᠢ ᠨᠢ ᠲᠡᠮᠳᠡᠭᠯᠡᠬᠦᠯᠤᠭ᠍ᠰᠡᠨ ᠪᠦᠬᠡᠳ | ᠡᠳᠦᠷ ᠪᠦᠷᠢ ᠨᠠᠶᠢᠵᠡ ᠨᠦᠬᠦᠳ ᠪᠤᠶᠤ ᠢᠨᠠᠬ ᠬᠤᠩᠬᠤᠷ᠂ ᠭᠡᠷ ᠤᠨ ᠬᠦᠮᠦᠰ ᠲᠠᠢ ᠪᠠᠨ ᠬᠠᠮᠳᠤ ᠬᠦᠳᠡᠯᠭᠡᠭᠡᠨ | ᠬᠢᠭᠰᠡᠨ ᠡᠰᠡᠬᠦ᠂ ᠳᠤᠭᠳᠠᠭᠰᠠᠨ ᠬᠠᠷᠠᠯᠳᠠ ᠳᠠᠭᠠᠨ ᠬᠦᠷᠦᠭᠰᠡᠨ ᠡᠰᠡᠬᠦ ᠶᠢ ᠨᠢ ᠠᠰᠠᠭᠤᠬᠤ ᠶᠢᠨ ᠬᠠᠮᠳᠤ ᠡᠳᠡᠭᠡᠷ | ᠬᠦᠳᠡᠯᠭᠡᠭᠡᠨ ᠤ ᠴᠢᠬᠤᠯᠠ ᠴᠢᠨᠠᠷ ᠲᠤ ᠬᠠᠮᠤᠬ ᠤᠨ ᠳᠤᠤᠷ᠎ᠠ ᠬᠤᠪᠢ 1 ᠬᠤᠪᠢ ᠠᠴᠠ ᠬᠠᠮᠤᠬ ᠤᠨ ᠦᠨᠳᠦᠷ ᠬᠤᠪᠢ | 4 ᠬᠤᠪᠢ ᠬᠦᠷᠲᠡᠯ᠎ᠠ ᠬᠤᠪᠢ ᠤᠯᠭᠤᠬᠰᠠᠨ ᠪᠠᠶᠢᠨ᠎ᠠ᠃ | ᠡᠬᠦᠨ ᠳᠤ᠂ ᠪᠡᠶ᠎ᠡ ᠪᠠᠨ ᠪᠤᠯᠪᠠᠰᠤᠷᠠᠳᠠᠭ ᠦᠭᠡᠢ ᠡᠳᠦᠷ ᠤᠳ ᠲᠠᠢ ᠬᠠᠷᠢᠴᠠᠭᠤᠯᠪᠠᠯ᠂ ᠪᠡᠶ᠎ᠡ ᠪᠠᠨ | ᠪᠤᠯᠪᠠᠰᠤᠷᠠᠭᠰᠠᠨ ᠡᠳᠦᠷ ᠨᠡᠶᠢᠭᠡᠮ ᠤᠨ ᠬᠠᠷᠢᠯᠴᠠᠭᠠᠨ ᠤ ᠠᠵᠢᠯᠯᠠᠭ᠎ᠠ ᠳᠤ ᠨᠡᠯᠢᠶᠡᠳ ᠠᠷᠪᠢᠨ ᠤᠷᠤᠯᠴᠠᠬᠤ ᠪᠤᠯᠵᠤ᠂ | ᠨᠡᠩ ᠠᠷᠪᠢᠨ ᠬᠠᠷᠠᠯᠳᠠ ᠳᠤ ᠬᠦᠷᠲᠡᠭ ᠢ ᠤᠯᠵᠤ ᠮᠡᠳᠡᠵᠡᠢ᠃ ᠰᠤᠳᠤᠯᠭᠠᠳᠠᠳ ᠤᠨ ᠢᠯᠡᠷᠭᠡᠶᠢᠯᠡᠭᠰᠡᠨ ᠢᠶᠠᠷ᠂ ᠤᠷᠮ᠎ᠠ | ᠬᠤᠭᠤᠷᠠᠵᠤ ᠭᠠᠩᠰᠠᠷᠠᠬᠤ ᠪᠤᠶᠤ ᠬᠦᠴᠢᠷᠲᠡᠯᠲᠡᠢ ᠦᠶᠡᠰ ᠤᠷᠮ᠎ᠠ ᠰᠡᠳᠬᠢᠯᠭᠡ ᠰᠠᠶᠢᠵᠢᠷᠠᠪᠠᠯ ᠬᠦᠴᠢᠷᠲᠡᠯᠳᠡᠢ | ᠪᠠᠶᠢᠳᠠᠯ ᠠᠴᠠ ᠪᠠᠨ ᠮᠤᠯᠳᠤᠷᠠᠵᠤ ᠲᠡᠶᠢᠯᠦᠨ᠎ᠡ ᠭᠡᠵᠦ ᠬᠦᠮᠦᠰ ᠪᠤᠳᠤᠳᠠᠭ᠃ ᠦᠨᠡᠨᠳᠡᠭᠡᠨ ᠬᠦᠴᠢᠷᠲᠡᠯᠳᠡᠢ | ᠪᠠᠶᠢᠳᠠᠯ ᠠᠴᠠ ᠪᠠᠨ ᠮᠤᠯᠳᠤᠷᠠᠮᠠᠨᠵᠢᠨ ᠬᠦᠮᠦᠨ ᠤ ᠤᠷᠮ᠎ᠠ ᠰᠡᠳᠬᠢᠯᠭᠡ ᠰᠠᠶ᠋ᠢ ᠰᠠᠶᠢᠵᠢᠷᠠᠳᠠᠭ᠃ | ᠡᠶᠢᠮᠦ ᠠᠴᠠ ᠪᠡᠶ᠎ᠡ ᠶᠢᠨ ᠪᠤᠯᠪᠠᠰᠤᠷᠠᠯ ᠤᠷᠮ᠎ᠡ ᠰᠡᠳᠬᠢᠯᠭᠡ ᠶᠢ ᠵᠤᠬᠢᠴᠠᠭᠤᠯᠤᠨ᠂ ᠬᠠᠷᠠᠯᠳᠠ ᠪᠠᠨ ᠪᠡᠶᠡᠯᠡᠬᠦᠯᠬᠦ | ᠬᠦᠳᠡᠯᠭᠡᠬᠦ ᠬᠦᠴᠦᠨ ᠪᠤᠯᠳᠠᠬ ᠭᠡᠵᠦ ᠰᠤᠳᠤᠯᠭᠠᠳᠠᠳ ᠴᠢᠬᠤᠯᠠᠴᠢᠯᠠᠪᠠ᠃ |