ᠮᠡᠷᠭᠡᠨ
ᠨᠡᠶᠢᠲᠡᠯᠡᠭᠰᠡᠨ ᠴᠠᠭ᠄
2018-04-12
     ᠮᠡᠷᠭᠡᠨ ᠪᠣᠯ ᠤᠯᠤᠰ ᠤᠨ AAA ᠲᠡᠰ ᠤᠨ ᠦᠵᠡᠮᠵᠢᠳᠤ ᠣᠷᠣᠨ᠂ ᠪᠤᠭᠤᠳᠤ ᠬᠤᠲᠠ ᠶᠢᠨ ᠬᠦᠨᠳᠡᠯᠡᠨ ᠲᠣᠭᠤᠷᠢᠭ ᠠᠴᠠ ᠪᠠᠷᠠᠭᠤᠨᠰᠢ 30 ᠺᠢᠯᠣᠮᠧᠳ᠋ᠷ ᠤᠨ ᠵᠠᠶᠢᠲᠠᠢ ᠪᠠᠶᠢᠷᠢᠰᠢᠵᠤ ᠪᠣᠢ᠃ ᠮᠡᠷᠭᠡᠨ ᠦᠵᠡᠮᠵᠢᠳᠤ ᠣᠷᠣᠨ ᠢ ᠰᠦᠮ᠎ᠡ ᠬᠡᠶᠢᠳ ᠤᠨ ᠦᠵᠡᠮᠵᠢᠳᠤ ᠣᠷᠣᠨ ᠬᠢᠭᠡᠳ ᠪᠠᠶᠢᠭᠠᠯᠢ ᠶᠢᠨ ᠦᠵᠡᠮᠵᠢᠳᠤ ᠣᠷᠣᠨ ᠭᠡᠵᠤ ᠬᠤᠶᠠᠷ ᠬᠡᠰᠡᠭ ᠲᠤ ᠬᠤᠪᠢᠶᠠᠳᠠᠭ᠃ ᠰᠦᠮ᠎ᠡ ᠬᠡᠶᠢᠳ ᠤᠨ ᠦᠵᠡᠮᠵᠢᠳᠤ ᠣᠷᠣᠨ ᠳᠤ ᠪᠠᠭᠳᠠᠬᠤ ᠮᠡᠷᠭᠡᠨ ᠵᠣᠣ ᠨᠢ ᠲᠦᠪᠡᠳ ᠬᠢᠲᠠᠳ ᠮᠠᠶ᠋ᠢᠭ ᠤᠨ ᠪᠠᠷᠢᠯᠭ᠎ᠠ ᠶᠢᠨ ᠣᠨᠴᠠᠯᠢᠭ ᠢ ᠬᠠᠷᠢᠯᠴᠠᠨ ᠤᠶᠠᠯᠳᠤᠭᠤᠯᠤᠭᠰᠠᠨ ᠡᠷᠲᠡᠨ ᠰᠦᠮ᠎ᠡ ᠬᠡᠶᠢᠳ ᠪᠣᠯᠬᠤ ᠪᠦᠭᠡᠳ ᠮᠦᠨ ᠴᠦ ᠦᠪᠦᠷ ᠮᠣᠩᠭᠤᠯ ᠣᠷᠣᠨ ᠤ ᠴᠣᠷ ᠴᠠ ᠭᠠᠭᠴᠠ ᠮᠣᠩᠭᠤᠯ ᠢᠶᠠᠷ ᠨᠣᠮ ᠬᠤᠷᠠᠳᠠᠭ ᠯᠠᠮᠠ ᠶᠢᠨ ᠰᠦᠮ᠎ᠡ ᠪᠣᠯᠬᠤ ᠶᠤᠮ᠃ ᠪᠠᠶᠢᠭᠠᠯᠢ ᠶᠢᠨ ᠦᠵᠡᠮᠵᠢᠳᠤ ᠣᠷᠣᠨ ᠨᠢ ︽ᠬᠦᠪᠴᠢ ᠣᠢ ᠨᠠᠯᠦ᠋ᠢᠵᠤ᠂ ᠴᠣᠩᠬᠢᠶᠠᠯ ᠪᠤᠯᠠᠭ ᠤᠷᠤᠰᠤᠨ᠂ ᠡᠭᠦᠯᠡ ᠵᠡᠷᠭᠡᠯᠭᠡᠨ ᠲᠤᠨᠤᠷᠠᠵᠤ᠂ ᠬᠠᠴᠢᠨ ᠣᠷᠭᠢᠯ ᠰᠣᠨᠢᠨ ᠴᠢᠯᠠᠭᠤ ᠰᠦᠨᠳᠡᠷᠯᠡᠭᠰᠡᠨ︾ ᠬᠡᠮᠡᠬᠦ ᠲᠦᠷᠪᠡᠨ ᠭᠠᠶᠢᠬᠠᠮᠰᠢᠭ ᠢᠶᠠᠷ ᠢᠶᠠᠨ ᠠᠯᠳᠠᠷᠰᠢᠵᠠᠢ᠃
 
ᠢᠷᠡᠯᠲᠡ᠄ ᠪᠤᠭᠤᠳᠤ ᠬᠤᠲᠠ ᠶᠢᠨ ᠵᠢᠭᠤᠯᠴᠢᠯᠠᠯ ᠤᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1