ᠰᠢᠷᠠᠮᠦ᠋ᠷᠡᠨ ᠤ ᠲᠠᠯ᠎ᠠ ᠨᠤᠲᠤᠭ
ᠨᠡᠶᠢᠲᠡᠯᠡᠭᠰᠡᠨ ᠴᠠᠭ᠄
2018-04-12
     ᠲᠣᠳᠤᠭᠠᠳᠤ ᠭᠠᠳᠠᠭᠠᠳᠤ ᠳᠤ ᠠᠯᠳᠠᠷᠰᠢᠭᠰᠠᠨ ᠲᠠᠯ᠎ᠠ ᠨᠤᠲᠤᠭ ᠤᠨ ᠵᠢᠭᠤᠯᠴᠢᠯᠠᠯ ᠤᠨ ᠵᠤᠰᠠᠯᠠᠩ ᠤᠨ ᠭᠠᠵᠠᠷ᠂ ᠪᠤᠭᠤᠳᠤ ᠶᠢᠨ ᠬᠤᠲᠠ ᠶᠢᠨ ᠲᠣᠭᠤᠷᠢᠭ ᠴᠠ 100 ᠭᠠᠷᠤᠢ ᠺᠢᠯᠣᠮᠧᠳ᠋ᠷ ᠵᠠᠶᠢᠲᠠᠢ ᠪᠠᠶᠢᠭ᠎ᠠ ᠲᠠᠷᠬᠠᠨ ᠮᠣᠣᠮᠢᠩᠭᠠᠨ ᠬᠤᠯᠪᠤᠭᠠᠳᠤ ᠬᠤᠰᠢᠭᠤᠨ ᠵᠡᠭᠦᠨ ᠡᠮᠦᠨ᠎ᠡ ᠬᠡᠰᠡᠭ ᠲᠤ ᠪᠠᠶᠢᠷᠢᠰᠢᠵᠤ ᠪᠤᠢ᠃ ᠠᠳᠡᠬᠢ ᠲᠠᠯ᠎ᠠ ᠨᠤᠲᠤᠭ ᠤᠨ ᠦᠵᠡᠮᠵᠢ ᠭᠤᠶᠤ ᠰᠠᠶᠢᠬᠠᠨ ᠪᠠᠶᠢᠳᠠᠭ ᠢᠶᠠᠷ ᠵᠢᠯ ᠪᠦᠷᠢ ᠮᠣᠷᠢ ᠤᠷᠤᠯᠳᠤᠬᠤ᠂ ᠪᠦᠬᠡ ᠪᠠᠷᠢᠯᠳᠤᠬᠤ ᠪᠠ ᠨᠣᠮᠤ ᠰᠤᠮᠤ ᠬᠠᠷᠪᠤᠬᠤ ᠵᠡᠷᠭᠡ ᠮᠣᠩᠭᠤᠯ ᠦᠨᠳᠦᠰᠦᠲᠡᠨ ᠤ ︽ᠡᠷ᠎ᠡ ᠶᠢᠨ ᠭᠤᠷᠪᠠᠨ ᠨᠠᠭᠠᠳᠤᠮ︾᠎ ᠢᠶᠠᠨ ᠦᠪᠡᠳᠡᠭᠰᠢ ᠶᠡᠭᠡ ᠪᠠᠷ ᠶᠠᠪᠤᠭᠳᠠᠭᠤᠯᠳᠠᠭ᠃ ᠵᠤᠭᠠᠴᠠᠭᠰᠠᠳ ᠰᠢᠷᠠᠮᠦ᠋ᠷᠡᠨ ᠤ ᠲᠠᠯ᠎ᠠ ᠨᠤᠲᠤᠭ ᠤᠨ ᠭᠤᠶᠤ ᠦᠵᠡᠮᠵᠢ ᠶᠢ ᠪᠠᠭ᠋ᠠᠷᠬᠠᠨ ᠰᠣᠨᠢᠷᠬᠠᠵᠤ᠂ ᠮᠣᠷᠢ ᠤᠨᠤᠵᠤ ︽ᠣᠪᠤᠭᠠᠨ ᠲᠠᠬᠢᠯᠭ᠎ᠠ︾᠎ ᠳᠤ ᠣᠷᠣᠯᠴᠠᠬᠤ ᠪᠠᠷ ᠪᠠᠷᠠᠬᠤ ᠦᠭᠡᠢ ᠮᠣᠩᠭᠤᠯ ᠢᠳᠡᠭᠡᠨ ᠤ ᠠᠮᠠᠳᠠᠯᠠᠵᠤ᠂ ᠮᠣᠩᠭᠤᠯ ᠢᠳᠡᠭᠡᠨ ᠢ ᠠᠮᠳᠠᠯᠠᠵᠤ᠂ ᠮᠣᠩᠭᠤᠯ ᠲᠠᠭᠤᠤ ᠪᠦᠵᠢᠭ ᠰᠣᠨᠢᠷᠬᠠᠵᠤ᠂ ᠮᠣᠩᠭᠤᠯ ᠦᠨᠳᠦᠰᠦᠲᠡᠨ ᠤ ᠰᠣᠶᠣᠯ ᠤᠨ ᠵᠠᠩ ᠵᠠᠩᠰᠢᠯ ᠢ ᠲᠠᠨᠢᠨ ᠣᠶᠢᠯᠭᠠᠵᠤ ᠪᠠᠶᠢᠨ᠎ᠠ᠃
 
ᠢᠷᠡᠯᠲᠡ᠄ ᠪᠤᠭᠤᠳᠤ ᠬᠤᠲᠠ ᠶᠢᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1