ᠮᠤᠩᠭᠤᠯ ᠬᠦᠮᠦᠨ ᠡᠷᠳᠡ ᠤᠷᠢᠳᠦ ᠠᠴᠠ ᠪᠠᠨ ᠠᠶᠢᠯ ᠳᠤ ᠪᠠᠭᠤᠵᠦ ᠴᠠᠢ ᠤᠰᠤ ᠤᠤᠭᠤᠬᠤ ᠪᠤᠶᠤ | ᠬᠤᠭᠤᠯᠠ ᠪᠤᠳᠠᠭ᠎ᠠ ᠢᠳᠡᠭᠦ ᠳᠡᠭᠡᠨ᠂ ᠠᠶᠢᠯ ᠤᠨ ᠳᠠᠯᠪᠢᠵᠦ ᠦᠭᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ | ᠬᠤᠷᠤᠳ ᠴᠠᠭ᠎ᠠ ᠪᠤᠶᠤ ᠮᠢᠬ᠎ᠠ ᠰᠢᠬᠦᠰᠦ ᠶᠢ ᠳᠠᠪᠠᠭ᠂ ᠰᠠᠪᠠ ᠶᠢ ᠨᠢ ᠬᠤᠭᠤᠰᠤᠷᠠᠳᠠᠯ᠎ᠠ ᠢᠳᠡᠬᠦ᠂ ᠤᠤᠭᠤᠬᠤ ᠶᠢ | ᠮᠠᠰᠢᠳᠠ ᠴᠠᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠤᠰᠤᠨ ᠭᠡᠳᠡᠭ᠃ ᠵᠠᠷᠢᠮ ᠭᠠᠵᠠᠷ ᠳᠠᠪᠠᠭ ︵ᠫᠢᠯᠠ | ︶ ᠬᠤᠭᠤᠰᠤᠯᠠᠬᠤ ᠦᠭᠡᠢ ᠶᠤᠰᠤᠨ ᠴᠤ ᠭᠡᠳᠡᠭ᠃ ᠮᠤᠩᠭᠤᠯ ᠬᠦᠮᠦᠨ ᠵᠤᠴᠢᠨᠰᠠᠭ᠃ ᠮᠤᠩᠭᠤᠯ ᠨᠤᠳᠤᠭ ᠦᠷᠭᠡᠨ | ᠠᠭᠤᠳᠠᠮ᠂ ᠵᠠᠮ ᠮᠦᠷ ᠬᠤᠯᠠ᠂ ᠶᠠᠪᠤᠵᠦ ᠰᠠᠭᠤᠬᠤ ᠴᠠᠭ ᠤᠷᠳᠦ᠃ ᠭᠡᠨ ᠳᠤ ᠪᠤᠯᠤᠭᠰᠨ ᠴᠤ᠂ ᠭᠡᠵᠢᠶ᠎ᠡ᠂ ᠶᠠᠮᠠᠷ | ᠴᠠᠭ ᠦᠶ᠎ᠠ ᠳᠤ ᠴᠤ ᠭᠡᠰᠡᠨ᠂ ᠠᠶᠢᠯ ᠳᠤ ᠤᠴᠢᠵᠦ ᠵᠤᠴᠢᠯᠠᠭᠳᠠᠬᠤ ᠪᠤᠶᠤ ᠵᠠᠮ ᠮᠦᠷ ᠬᠦᠭᠡᠭᠡᠵᠦ ᠶᠠᠪᠤᠵᠦ ᠪᠠᠶᠢᠭᠠᠳ | ᠠᠶᠢᠯ ᠳᠤ ᠪᠠᠭᠤᠵᠦ ᠰᠠᠭᠤᠵᠦ ᠴᠠᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠬᠦ ᠶᠠᠪᠤᠳᠠᠯ ᠤᠯᠠᠨ | ᠳᠤᠬᠢᠶᠠᠯᠳᠤᠳᠠᠭ᠃ ᠠᠯᠢ ᠨᠢᠭᠡᠨ ᠠᠶᠢᠯ ᠡᠷᠦᠭᠡ ᠳᠤ ᠨᠢ ᠴᠤ ᠭᠡᠰᠡᠨ᠂ ᠵᠠᠯᠠᠭᠰᠠᠨ ᠵᠤᠴᠢᠨ ᠢᠷᠡᠬᠦ ᠪᠤᠶᠤ ᠵᠠᠮ ᠮᠦᠷ | ᠶᠠᠪᠤᠵᠦ ᠬᠦᠬᠡᠬᠡᠵᠦ ᠪᠠᠶᠢᠭᠰᠠᠨ ᠬᠦᠮᠦᠨ ᠪᠠᠭᠤᠵᠦ ᠰᠠᠭᠤᠭᠠᠳ ᠭᠠᠷᠬᠤ ᠶᠠᠪᠤᠳᠠᠯ ᠴᠤ ᠵᠦᠩᠳᠡᠭᠡᠨ ᠳᠤᠬᠢᠶᠠᠯᠳᠤᠳᠠᠭ᠃ | ᠪᠠᠭᠤᠭᠠᠳ ᠯᠠ ᠭᠠᠷᠳᠠᠭ᠂ ᠪᠤᠴᠠᠭᠠᠳ ᠯᠠ ᠮᠤᠷᠳᠠᠳᠠᠭ᠃ ᠠᠯᠢ ᠨᠢᠭᠡᠨ ᠠᠶᠢᠯ ᠡᠷᠦᠭᠡ ᠨᠢ ᠪᠤᠯᠤᠭᠰᠠᠨ ᠴᠤ᠂ | ᠳᠠᠨᠢᠬᠤ᠂ ᠳᠠᠨᠢᠬᠤ ᠦᠭᠡᠢ ᠬᠦᠮᠦᠨ ᠢᠷᠠᠯ᠎ᠠ ᠭᠡᠳ ︽ᠴᠠᠢ ᠴᠤ ᠦᠭᠡᠢ᠂ ᠴᠢᠷᠡᠢ ᠴᠤ ᠦᠭᠡᠢ︾ ᠴᠠᠮᠪᠠᠶᠢᠵᠦ | ᠳᠠᠮᠪᠠᠶᠢᠵᠦ ᠰᠠᠭᠤᠭᠠᠳ ᠦᠩᠭᠡᠷᠡᠭᠡᠴᠢᠭᠡᠳᠡᠭ ᠦᠭᠡᠢ᠃ ᠭᠡᠨ ᠨᠢ ᠢᠷᠡᠭᠰᠡᠨ ᠴᠤ ᠬᠠᠮᠢᠶ᠎ᠠ ᠦᠭᠡᠢ᠂ ᠪᠤᠤᠪᠤ | ᠪᠤᠭᠤᠷᠰᠤᠭ ᠢᠶᠠᠨ ᠭᠠᠷᠭᠠᠵᠦ᠂ ᠰᠢᠬᠢᠷ ᠵᠢᠮᠢᠰ ᠢᠶᠠᠨ ᠳᠠᠯᠪᠢᠵᠦ᠂ ᠴᠠᠢ ᠤᠰᠤ ᠪᠠᠨ ᠠᠶᠠᠭᠠᠯᠠᠵᠦ ᠦᠭᠳᠡᠭ᠃ | ᠠᠶᠢᠯ ᠳᠤ ᠵᠠᠯᠠᠭᠳᠠᠵᠦ ᠤᠴᠢᠭᠰᠠᠨ ᠵᠤᠴᠢᠨ ᠪᠤᠶᠤ ᠵᠠᠮ ᠢᠶᠠᠷ ᠢᠶᠠᠨ ᠬᠦᠷᠦᠭᠰᠡᠨ ᠭᠡᠶᠢᠴᠢᠨ ᠭᠡᠰᠡᠨ ᠴᠤ᠂ ᠭᠡᠨ ᠨᠢ | ᠴᠤ ᠪᠤᠯᠤᠭᠰᠠᠨ᠂ ᠶᠠᠮᠠᠷ ᠪᠠᠶᠢᠳᠠᠯ ᠳᠤᠤᠷ᠎ᠠ ᠴᠤ ᠭᠡᠰᠡᠨ᠂ ︽ᠢᠳᠠ᠂ ᠤᠤᠭᠤ ᠭᠡᠰᠡᠨ ᠶᠤᠮ᠂ ᠡᠷᠢᠶ᠎ᠡ ᠦᠭᠡᠢ ᠶᠤᠮ᠂ | ᠵᠢᠷᠤᠭ᠎ᠠ ᠦᠭᠡᠢ ᠶᠤᠮ᠃ ᠳᠠᠯᠪᠢᠭᠠᠳ ᠦᠭᠴᠢᠭᠡᠭᠰᠡᠨ ᠶᠤᠮ ᠴᠢᠨᠢ᠂ ᠳᠠᠪᠠᠭ ᠢ ᠨᠢ ᠬᠤᠭᠤᠰᠤᠷᠠᠳᠠᠯ᠎ᠠ ᠢᠳᠠᠴᠢᠭᠡᠶᠡ᠂ | ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠳᠠᠯᠪᠢᠵᠦ ᠦᠭᠭᠦᠭᠰᠡᠨ ᠶᠠᠭᠤᠮ᠎ᠠ ᠶᠢ ᠨᠢ ︵ᠪᠤᠳᠠᠭ᠎ᠠ᠂ ᠬᠤᠭᠤᠯᠠ ᠴᠤ | ᠪᠠᠭᠳᠠᠨ᠎ᠠ︶ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠠᠴᠢᠭᠡᠳᠡᠭ ᠦᠭᠡᠢ᠂ ᠤᠤᠭᠤᠴᠢᠬᠠᠳᠠᠭ ᠦᠭᠡᠢ᠃ | ᠳᠠᠯᠪᠢᠵᠦ ᠦᠭᠭᠦᠭᠰᠡᠨ ᠶᠠᠭᠤᠮ᠎ᠠ ᠨᠢ ᠠᠷᠪᠢᠨ — ᠬᠦᠷᠦᠯᠴᠠᠭᠡᠳᠡᠢ ᠪᠤᠯ ᠴᠠᠳᠳᠠᠯ᠎ᠠ ᠪᠤᠶᠤ ᠦᠯ ᠢᠶᠠᠨ ᠳᠠᠷᠤᠵᠦ | ᠠᠩᠭᠠᠭ᠎ᠠ ᠴᠠᠩᠭᠠᠭ᠎ᠠ ᠪᠠᠨ ᠳᠠᠶᠢᠯᠳᠠᠯᠠ ᠢᠳᠠᠵᠦ ᠤᠤᠭᠤᠵᠦ᠂ ᠳᠠᠯᠪᠢᠵᠦ ᠦᠭᠭᠦᠭᠰᠡᠨ ᠶᠠᠭᠤᠮ᠎ᠠ ᠨᠢ ᠪᠠᠭ᠎ᠠ᠂ ᠴᠦᠭᠡᠨ | ᠂ ᠬᠦᠷᠦᠯᠴᠡᠭᠡ ᠪᠠᠷ ᠠᠨᠠᠢ ᠰᠢᠭ᠋ ᠪᠤᠯ ᠠᠮᠬᠠᠷᠠᠭᠠᠳ ᠪᠤᠶᠤ ᠠᠮᠰᠠᠭᠠᠳ ᠳᠠᠯᠪᠢᠴᠢᠬᠠᠳᠠᠭ᠃ ᠠᠩᠭᠠᠭ᠎ᠠ ᠴᠠᠩᠭᠠᠭ᠎ᠠ ᠪᠠᠨ | ᠪᠠᠭ᠎ᠠ ᠳᠠᠷᠤᠭᠠᠳ ᠪᠤᠯᠭᠠᠴᠢᠬᠠᠳᠠᠭ᠃ ᠶᠠᠭᠠᠬᠢᠵᠦ ᠶᠡᠭᠡ ᠦᠯᠦᠰᠴᠤ ᠬᠠᠷᠠᠩᠭᠠᠰᠴᠤ ᠠᠩᠭᠠᠵᠦ ᠴᠠᠩᠭᠠᠵᠦ ᠪᠠᠶᠢᠭᠰᠠᠨ | ᠴᠤ᠂ ︽ᠭᠡᠰᠢᠭ︾᠂ ︽ᠳᠡᠭᠡᠵᠢ︾᠂ ︽ᠪᠤᠶᠠᠨ︾ ᠢ ᠨᠢ ᠦᠯᠡᠳᠡᠭᠡᠶ᠎ᠡ ᠭᠡᠳ᠂ ᠳᠠᠯᠪᠢᠵᠦ ᠦᠭᠭᠦᠭᠰᠡᠨ ᠪᠤᠳᠠᠭ᠎ᠠ᠂ | ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠳᠠᠪᠠᠭ᠂ ᠰᠠᠪᠠ᠂ ᠭᠡᠷᠡᠭᠰᠡᠯ ᠤᠨ ᠬᠢᠨᠢ ᠢᠷᠤᠭᠠᠷ ᠲᠤ ᠨᠢᠭᠡ ᠬᠤᠶᠡᠷ | ᠭᠡᠰᠡᠭ ︵ᠰᠢᠷᠭᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠤ ᠭᠡᠰᠡᠨ ᠦᠯᠡᠳᠡᠭᠡᠵᠦ ᠦᠭᠭᠦᠭᠡᠳ ᠮᠤᠷᠳᠠᠳᠠᠭ | ᠃ ᠮᠤᠩᠭᠤᠯᠴᠤᠳ᠂ ᠠᠶᠢᠯ ᠳᠤ ᠤᠴᠢᠭᠰᠠᠨ ᠭᠡᠶᠢᠴᠢᠨ ᠵᠤᠴᠢᠨ ᠠᠶᠢᠯ ᠤᠨ ᠳᠠᠯᠪᠢᠵᠦ ᠦᠭᠭᠦᠭᠰᠡᠨ ᠶᠠᠭᠤᠮ᠎ᠠ ᠶᠢ | ᠳᠠᠪᠠᠭ᠂ ᠰᠠᠪᠠ ᠶᠢ ᠨᠢ ᠬᠤᠭᠤᠰᠤᠷᠠᠳᠠᠯ᠎ᠠ ᠢᠳᠡᠭᠦ ᠤᠤᠭᠤᠬᠤ ᠨᠢ ᠶᠤᠰᠤ ᠦᠭᠡᠢ ᠮᠤᠷᠠᠯ ᠦᠭᠡᠢ᠂ ᠶᠠᠭᠤᠮ᠎ᠠ ᠮᠠᠳᠡᠭᠦ | ᠦᠭᠡᠢ ᠶᠢᠨ ᠬᠢ︔ ᠪᠤᠰᠤᠳ ᠲᠤ ᠪᠤᠷᠤ ᠪᠦᠳᠦᠬᠦᠯᠢᠭ᠂ ᠦᠯᠦᠩᠭᠡᠷ ᠬᠤᠪᠳᠤᠭ ᠭᠡᠵᠦ ᠭᠡᠯᠡᠭᠳᠡᠨᠡ᠂ ᠬᠠᠷᠠᠭᠳᠠᠨ᠎ᠠ | ᠭᠡᠵᠦ ᠦᠵᠠᠳᠡᠭ᠃ ᠠᠶᠢᠯ ᠳᠤ ᠵᠠᠯᠠᠭᠳᠠᠵᠦ ᠵᠤᠴᠢᠯᠠᠭᠳᠠᠬᠤ ᠪᠤᠶᠤ ᠠᠮᠢ ᠪᠠᠷ ᠢᠶᠠᠨ — ᠵᠠᠮ ᠢᠶᠠᠷ ᠢᠶᠠᠨ ᠤᠴᠢᠵᠦ | ᠬᠤᠭᠤᠯᠠ ᠪᠤᠳᠠᠭ᠎ᠠ ᠢᠳᠡᠭᠦ᠂ ᠴᠠᠢ ᠤᠰᠤ ᠤᠤᠭᠤᠬᠤ ᠳᠤ᠂ ᠠᠩᠬᠠᠷᠬᠤ ᠴᠢᠬᠤᠯᠠ ᠲᠠᠢ ᠵᠦᠢᠯᠠᠰ ᠪᠤᠶᠤ ᠮᠠᠳᠡᠬᠦ | ᠴᠢᠬᠤᠯᠠ ᠲᠠᠢ ᠵᠦᠢᠯᠠᠰ ᠠᠩᠬ᠎ᠠ ᠤᠷᠢᠳᠦ ᠠᠴᠠ ᠪᠠᠨ ᠠᠪᠤᠭᠠᠳ ᠡᠶᠢᠮᠦ ᠤᠯᠠᠨ︕ ᠡᠶᠢᠮᠦ ᠤᠯᠠᠨ ᠶᠤᠰᠤ | ᠭᠤᠷᠢᠮ ᠲᠠᠢ︕ ᠤᠳᠤ ᠴᠤ ᠭᠡᠰᠡᠨ᠂ ᠭᠡᠨ ᠬᠦᠮᠦᠨ ᠭᠡᠷᠪᠡ ᠠᠶᠢᠯ ᠳᠤ ᠵᠠᠯᠠᠭᠳᠠᠵᠦ ᠵᠤᠴᠢᠨ ᠪᠤᠯᠬᠤ ᠪᠤᠶᠤ | ᠠᠶᠢᠯᠴᠢᠯᠠᠵᠦ ᠳᠤᠭᠤᠷᠢᠵᠦ ᠤᠴᠢᠭᠠᠳ᠂ ᠴᠠᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠭᠦ᠂ ᠵᠢᠴᠢ ᠠᠶᠢᠯ ᠤᠨ | ᠳᠠᠯᠪᠢᠵᠦ ᠦᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ ᠢᠳᠡᠭᠡᠨ ᠤᠮᠳᠠᠭᠠᠨ ᠢ ᠢᠳᠠᠵᠦ ᠤᠤᠭᠤᠬᠤ ᠳᠠᠭᠠᠨ᠂ | ᠡᠷᠢᠶᠡᠯᠡᠵᠦ ᠨᠠᠷᠢᠯᠠᠬᠤ ᠶᠢ ᠮᠠᠳᠠᠯ ᠦᠭᠡᠢ ᠪᠠᠷ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠡᠴᠢᠭᠡᠭᠦ᠂ ᠤᠤᠭᠤᠴᠢᠬᠠᠬᠤ | ᠶᠤᠮ ᠪᠤᠯ᠂ ᠳᠠᠷᠠ ᠴᠤᠬᠤᠮ ᠶᠤᠰᠤ ᠦᠭᠡᠢ ᠮᠤᠷᠠᠯ ᠦᠭᠡᠢ᠂ ᠶᠠᠭᠤᠮ᠎ᠠ ᠮᠠᠳᠡᠬᠦ ᠦᠭᠡᠢ᠂ ᠪᠤᠷᠤ ᠪᠦᠳᠦᠭᠦᠯᠢᠭ᠂ | ᠦᠯᠦᠩᠭᠡᠷ ᠬᠤᠪᠳᠤᠭ ᠠᠮᠢᠳᠠᠨ ᠭᠡᠵᠦ ᠦᠷᠦᠭᠡᠯ ᠪᠤᠰᠤᠳ ᠲᠤ ᠭᠡᠯᠡᠭᠳᠡᠬᠦ᠂ ᠬᠠᠷᠠᠭᠳᠠᠬᠤ ᠨᠢ ᠳᠠᠷᠠ ᠪᠢᠯᠠ︕ | ᠦᠨᠦ ᠴᠠᠭ ᠤᠨ ᠬᠡᠤᠬᠡᠳ ᠪᠠᠭᠠᠴᠤᠳ ᠡᠬᠦᠨ ᠢ ︵ᠮᠤᠩᠭᠤᠯᠴᠤᠳ ᠤᠨ ᠰᠠᠪᠠ ᠬᠤᠭᠤᠰᠤᠯᠠᠬᠤ ᠦᠭᠡᠢ ᠶᠤᠰᠤᠨ ᠢ︶ | ᠳᠠᠨᠠᠷ ᠮᠠᠳᠠᠵᠦ ᠠᠪ︕ ᠰᠠᠨᠠᠭ᠎ᠠ ᠪᠤᠳᠤᠯ ᠳᠠᠭᠠᠨ ᠠᠪᠴᠤ ᠰᠠᠬᠢᠵᠦ ᠬᠢᠴᠢᠶᠠᠮᠵᠢᠯᠠᠵᠦ ᠶᠠᠪᠤ︕ ᠠᠶᠢᠯ | ᠠᠶᠢᠮᠠᠭ ᠢᠶᠠᠷ ᠢᠶᠠᠨ ᠠᠶᠢᠯᠴᠢᠯᠠᠵᠦ ᠳᠤᠭᠤᠷᠢᠵᠦ ᠤᠴᠢᠬᠤ ᠳᠠᠭᠠᠨ᠂ ᠴᠠᠢ ᠤᠰᠤ ᠤᠤᠭᠤᠵᠦ ᠬᠤᠭᠤᠯᠠ ᠪᠤᠳᠠᠭ᠎ᠠ | ᠢᠳᠡᠬᠦ ᠪᠤᠶᠤ ︽ᠢᠳᠠ᠂ ᠤᠤᠭᠤ︾ ᠭᠡᠵᠦ ᠳᠠᠯᠪᠢᠵᠦ ᠦᠭᠭᠦᠭᠰᠡᠨ ᠢᠳᠡᠭᠡᠨ ᠤᠮᠳᠠᠭᠠᠨ ᠢ ᠨᠢ ᠢᠳᠡᠵᠦ | ᠤᠤᠭᠤᠬᠤ ᠳᠠᠭᠠᠨ᠂ ᠡᠪ ᠵᠦᠢ ᠶᠢ ᠨᠢ ᠬᠠᠷᠠᠵᠦ᠂ ᠡᠷᠢᠶᠡᠯᠡᠵᠦ ᠨᠠᠷᠢᠯᠠᠵᠦ — ᠳᠠᠩᠴᠠᠬᠦᠯᠵᠦ ᠵᠤᠬᠢᠴᠠᠭᠤᠯᠵᠦ | ᠢᠳᠡᠵᠦ ᠤᠤᠭᠤᠵᠦ ᠰᠤᠷ︕ ᠪᠢᠳᠡᠭᠡᠢ ᠯᠠ ᠳᠠᠪᠠᠭ᠂ ᠰᠠᠪᠠ ᠶᠢ ᠨᠢ ᠬᠢᠯᠠᠶᠢᠳᠠᠯᠠ ᠳᠠᠭᠠᠷᠴᠤᠭ ᠤᠭᠤᠳᠠ ᠶᠢ ᠨᠢ | ᠤᠩᠭᠤᠶᠢᠳᠠᠯ᠎ᠠ ᠢᠳᠡᠴᠢᠭᠡ᠂ ᠤᠤᠭᠤᠴᠢᠬ᠎ᠠ︕ |