ᠮᠤᠩᠭᠤᠯ ᠭᠡᠷ ᠤᠨ ᠢᠷᠦᠭᠡᠯ ︵ᠬᠤᠶᠠᠷ︶
ᠨᠡᠶᠢᠲᠡᠯᠡᠭᠰᠡᠨ ᠴᠠᠭ᠄
2018-04-11
ᠲᠥᠷᠦ ᠤᠯᠤᠰ ᠪᠠᠳᠤᠵᠢᠵᠤ ᠲᠥᠮᠡᠨ ᠥᠯᠵᠡᠢ ᠪᠥᠷᠢᠳᠦᠭᠰᠡᠨ᠂ ᠳᠡᠬᠦᠰ ᠡᠩᠬᠡ ᠵᠢᠷᠭᠠᠯᠳᠤ ᠳᠥᠪᠰᠢᠨ ᠰᠠᠶᠢᠨ ᠥᠨᠥᠳᠦᠷ᠂ ᠲᠠᠶᠢᠴᠢᠨ ᠶᠡᠭᠡ ᠳᠥᠷᠦ ᠶᠢᠨ ᠭᠤᠯᠤᠮᠳᠠ ᠶᠢ ᠠᠩᠬ᠎ᠠ ᠡᠬᠦᠰᠭᠡᠭᠰᠡᠨ᠂ ᠳᠠᠯᠠᠢ ᠴᠠᠭᠠᠨ ᠥᠷᠬᠦᠭᠡ ᠪᠠᠨ ᠳᠤᠷᠠᠳᠬᠠᠨ ᠪᠠᠶᠢᠵᠤ ᠢᠷᠦᠭᠡᠮᠦ᠃ ᠪᠠᠳᠠᠷᠠᠬᠰᠠᠨ ᠶᠡᠭᠡ ᠬᠦᠷᠦᠨ ᠤ ᠰᠠᠭᠤᠷᠢᠨ ᠢ ᠠᠩᠬ᠎ᠠ ᠪᠠᠶᠢᠭᠤᠯᠤᠭᠰᠠᠨ᠂ ᠪᠠᠳᠤ ᠴᠠᠭᠠᠨ ᠥᠷᠬᠦᠭᠡ ᠶᠢ ᠮᠠᠬᠳᠠᠨ ᠰᠠᠶᠢᠰᠢᠶᠠᠵᠤ ᠢᠷᠤᠬᠡᠮᠦ᠃ ᠢᠯᠡᠷᠬᠡᠶ᠎ᠡ ᠳᠡᠥᠭᠡ ᠶᠢᠨ ᠰᠤᠷᠪᠤᠯᠵᠢᠳᠤ ᠤᠤᠷ ᠮᠤᠩᠭᠤᠯᠴᠤᠳ ᠤᠨ ᠡᠬᠦᠳᠦᠭᠰᠡᠨ᠂ ᠢᠰᠡᠭᠡᠢ ᠴᠠᠭᠠᠨ ᠥᠷᠬᠦᠭᠡ ᠶᠢ ᠥᠨᠡᠯᠡᠨ ᠪᠢᠰᠢᠷᠡᠵᠦ ᠢᠷᠦᠭᠡᠮᠦ᠃ ᠭᠠᠩ ᠳᠡᠮᠤᠷ ᠳᠤᠯᠭ᠎ᠠ ᠶᠢ ᠪᠠᠳᠤ ᠰᠠᠭᠤᠷᠢᠨ ᠳᠤ ᠳᠠᠯᠪᠢᠵᠤ᠂ ᠭᠠᠯ ᠭᠤᠯᠤᠮᠳᠠ ᠶᠢ ᠤᠯᠠᠮᠵᠢᠯᠠᠨ ᠮᠢᠩᠭᠠᠨ ᠤᠨ ᠢ ᠦᠩᠭᠡᠷᠡᠭᠰᠡᠨ ᠴᠦ᠂ ᠡᠷᠳᠡᠨ ᠠᠴᠠ ᠲᠥᠷᠦᠵᠦ ᠮᠠᠨᠳᠤᠯᠡᠭᠰᠡᠨ ᠡᠬᠦᠯᠢᠲᠦ ᠡᠨᠡ ᠥᠷᠬᠦᠭᠡ ᠪᠠᠨ ᠡᠳᠦᠭᠡ ᠪᠤᠯᠳᠠᠯ᠎ᠠ ᠮᠤᠩᠭᠤᠯᠴᠤᠳ ᠡᠷᠬᠢᠮ ᠳᠡᠭᠡᠲᠦ ᠪᠠᠷ ᠦᠨᠡᠯᠡᠳᠡᠭ ᠪᠢᠯᠡ᠃ ᠳᠡᠷᠡ ᠵᠢᠷᠤᠮ ᠢ ᠮᠥᠷᠳᠡᠵᠦ ᠲᠡᠭᠷᠢ ᠶᠢᠨ ᠳᠠᠭᠠᠯᠠᠯ ᠢ ᠳᠠᠭᠠᠪᠠᠰᠤ᠂ ᠪᠥᠷᠳᠡ ᠴᠢᠨ᠋ᠸ᠎ᠠ ᠠᠴᠠ ᠡᠬᠦᠰᠦᠯᠳᠦ ᠪᠦᠬᠦ᠋ᠢᠯᠡ ᠮᠤᠩᠭᠤᠯ ᠤᠨ ᠵᠠᠩᠰᠢᠯ ᠳᠤ᠂ ᠮᠤᠩᠭᠤᠯ ᠭᠡᠷ ᠢ ᠪᠥᠬᠦᠯᠢ ᠪᠠᠷ ᠮᠤᠳᠤ ᠪᠥᠷᠢᠶᠡᠰᠦ ᠶᠢ ᠬᠦᠷᠳᠡᠯ᠎ᠡ᠂ ᠠᠶᠢᠷᠠᠭ ᠰᠥᠨ ᠢᠶᠠᠷ ᠮᠢᠯᠢᠶᠡᠵᠤ ᠠᠶᠠᠯᠠᠭᠤᠯᠠᠨ ᠢᠷᠦᠭᠡᠨᠡᠮ ᠪᠥᠯᠦᠭᠡ᠃ ᠥᠷᠬᠦᠭᠡ ᠪᠠᠷᠢᠬᠰᠠᠨ ᠭᠠᠵᠠᠷ ᠨᠢ ᠦᠨᠳᠦᠷ ᠳᠡᠨᠵᠢ ᠶᠢᠨ ᠳᠡᠭᠡᠷ᠎ᠡ᠂ ᠥᠪᠡᠳᠡᠰᠢ ᠪᠠᠶᠢᠳᠠᠯ ᠢ ᠠᠵᠢᠪᠠᠰᠤ ᠦᠯᠵᠡᠢ ᠭᠡᠰᠢᠭ ᠨᠢ ᠬᠤᠷᠠᠨᠠᠮ᠃ ᠪᠠᠷᠢᠬᠰᠠᠨ ᠭᠠᠵᠠᠷ ᠤᠨ ᠪᠠᠶᠢᠴᠠ ᠶᠢ ᠪᠠᠷᠠᠭᠤᠨ ᠵᠥᠭ ᠠᠴᠠ ᠠᠵᠢᠪᠠᠰᠤ᠂ ᠪᠠᠶᠠᠨ ᠥᠨᠢᠷ ᠳᠤᠬᠳᠠᠨᠢᠵᠤ ᠪᠠᠳᠤᠵᠢᠬᠤ ᠶᠢᠨ ᠰᠢᠨᠵᠢ ᠳᠤᠳᠤᠷᠠᠨᠠᠮ᠃ ᠨᠠᠷᠢᠨ ᠯᠠᠪᠯᠠᠵᠤ ᠰᠢᠨᠵᠢᠬᠦᠯ᠎ᠡ ᠨᠻᠢᠮᠡᠨ ᠳᠠᠯ᠎ᠠ ᠳᠤ ᠤᠶᠠᠬᠰᠠᠨ᠂ ᠨᠠᠶᠠᠨ ᠬᠤᠶᠠᠷ ᠤᠭᠤᠰᠤᠷᠳᠠᠢ ᠨᠠᠨᠳᠢᠨ ᠴᠠᠭᠠᠨ ᠥᠷᠬᠦᠭᠡ ᠪᠠᠶᠢᠨᠠᠮ᠃ ᠳᠠᠰᠢᠶ᠎ᠠ ᠵᠥᠷᠢᠬᠦᠯᠭᠡ ᠪᠥᠬᠦᠨ ᠢ ᠳᠠᠷᠤᠵᠤ ᠪᠠᠬᠢᠯᠡᠨ ᠤᠶᠠᠬᠰᠠᠨ᠂ ᠳᠠᠯᠠᠨ ᠬᠤᠶᠠᠷ ᠤᠭᠤᠰᠤᠷᠳᠠᠢ ᠳᠠᠯᠠᠢ ᠴᠠᠭᠠᠨ ᠥᠷᠬᠦᠭᠡ ᠪᠠᠶᠢᠨᠠᠮ᠃ ᠥᠷᠬᠦᠭᠡ ᠶᠢᠨ ᠪᠥᠬᠦ ᠵᠦᠢᠯ ᠠᠴᠠ ᠥᠨᠥᠳᠦᠷ ᠵᠡᠷᠢᠮ ᠢ ᠢᠷᠦᠭᠡᠪᠡᠰᠦ᠂ ᠬᠠᠩᠭᠠᠢ ᠬᠠᠨ ᠤ ᠮᠤᠳᠤ ᠪᠠᠷ ᠬᠠᠵᠢᠭᠤ ᠶᠠᠭᠤ ᠶᠢ ᠨᠢ ᠬᠢᠭᠰᠡᠨ᠂ ᠬᠠᠨᠳᠠᠭᠠᠢ ᠪᠤᠭᠤ ᠶᠢᠨ ᠰᠢᠷᠢ ᠪᠠᠷ ᠬᠠᠮᠳᠤᠷᠠᠭᠤᠯᠵᠤ ᠪᠠᠬᠢᠯᠡᠨ ᠦᠳᠡᠭᠰᠡᠨ᠂ ᠥᠯᠵᠡᠢ ᠵᠠᠩᠬᠢᠶ᠎ᠠ ᠰᠢᠨᠵᠢᠳᠤ ᠬᠠᠨ᠎ᠠ ᠳᠡᠬᠦᠨ ᠢ ᠮᠢᠯᠢᠶᠠᠮᠤ᠃ ᠤᠷᠳᠤ ᠬᠠᠩᠭᠠᠢ ᠶᠢᠨ ᠮᠤᠳᠤ ᠪᠠᠷ ᠬᠠᠷᠤᠭᠤᠯᠳᠤᠵᠤ ᠶᠠᠭᠤ ᠶᠢ ᠨᠢ ᠬᠢᠭᠰᠡᠨ᠂ ᠤᠨᠠᠭ᠎ᠠ ᠳᠠᠭ᠎ᠠ ᠶᠢᠨ ᠬᠢᠯᠭᠠᠰᠤ ᠪᠠᠷ ᠰᠡᠬᠡᠯᠳᠦᠷᠭᠡ ᠶᠠᠭᠤ ᠶᠢ ᠨᠢ ᠭᠢᠭᠰᠡᠨ᠂ ᠠᠯᠳᠠᠨ ᠰᠢᠬᠦᠷ ᠰᠢᠨᠵᠢᠳᠦ ᠤᠨᠢ ᠳᠡᠬᠦᠨ ᠢ ᠮᠢᠯᠢᠶᠠᠮᠤ᠃ ᠠᠷᠤ ᠬᠠᠩᠭᠠᠢ ᠶᠢᠨ ᠮᠤᠳᠤ ᠪᠠᠷ ᠭᠤᠤᠯ ᠶᠠᠭᠤ ᠶᠢ ᠨᠢ ᠭᠢᠭᠰᠡᠨ᠂ ᠠᠷᠢᠶᠠᠳᠠᠨ ᠪᠠᠷᠰ ᠤᠨ ᠰᠢᠷᠢ ᠪᠠᠷ ᠬᠤᠷᠤᠭᠤ ᠶᠠᠭᠤ ᠶᠢ ᠨᠢ ᠦᠳᠡᠭᠰᠡᠨ᠂ ᠨᠠᠷᠠᠨ ᠤ ᠳᠤᠩᠭᠠᠯᠠᠬ ᠬᠡᠷᠡᠯ ᠢ ᠨᠠᠰᠢ ᠪᠠᠨ ᠭᠡᠶᠢᠭᠦᠯᠵᠦ ᠤᠷᠤᠭᠤᠯᠳᠠᠬ᠂ ᠭᠠᠯ ᠤᠨ ᠪᠥᠷᠬᠦᠭᠡ ᠤᠳᠤᠭ᠎ᠠ ᠶᠢ ᠭᠠᠳᠠᠬᠰᠢ ᠪᠠᠨ ᠭᠠᠷᠭᠠᠵᠤ ᠶᠠᠪᠤᠭᠤᠯᠳᠠᠬ᠂ ᠳᠤᠮᠤ ᠬᠥᠷᠳᠦᠨ ᠤ ᠰᠢᠨᠵᠢᠳᠤ ᠳᠤᠭᠤᠨᠤ ᠳᠡᠬᠦᠨ ᠢ ᠮᠢᠯᠢᠶᠠᠮᠤ᠃ ᠬᠡᠨᠳᠠᠢ ᠬᠠᠨ ᠤ ᠮᠤᠳᠤ ᠪᠠᠷ ᠬᠢᠷᠦᠭᠡᠳᠦᠵᠦ ᠶᠠᠭᠤ ᠶᠢ ᠨᠢ ᠬᠢᠭᠰᠡᠨ᠂ ᠬᠡᠯᠪᠡᠷᠢ ᠳᠥᠷᠪᠡᠯᠵᠢᠨ ᠬᠥᠷᠢᠶ᠎ᠡ ᠶᠢ ᠬᠡᠮᠵᠢᠵᠦ ᠬᠠᠷᠤᠭᠤᠯᠳᠤᠵᠤ ᠬᠢᠭᠰᠡᠨ᠂ ᠬᠠᠭᠠᠨ ᠬᠠᠷᠠᠴᠤ ᠠᠳᠠᠯᠢᠬᠠᠨ ᠬᠠᠮᠤᠬ ᠪᠥᠬᠦᠳᠡᠭᠡᠷ ᠰᠢᠷᠭᠤᠳᠠᠬ᠂ ᠬᠠᠶᠢᠷᠰᠤᠳᠤ ᠵᠢᠭᠠᠰᠤ ᠶᠢᠨ ᠰᠢᠨᠵᠢᠳᠤ ᠬᠠᠭᠠᠯᠭ᠎ᠠ ᠳᠡᠬᠦᠨ ᠢ ᠮᠢᠯᠢᠶᠠᠮᠤ᠃ ᠳᠠᠪᠬᠤᠷ ᠴᠠᠭᠠᠨ ᠳᠡᠭᠡᠪᠥᠷᠳᠦ ᠳᠠᠷᠭᠠᠷ ᠢᠰᠡᠬᠡᠢ ᠳᠤᠭᠤᠷᠭᠠᠳᠤ᠂ ᠬᠤᠶᠠᠷ ᠵᠡᠷᠭᠡᠴᠡᠭᠰᠡᠨ ᠵᠡᠬᠡᠭᠲᠦ ᠬᠤᠰᠢᠯᠠᠨ ᠬᠢᠯᠭᠠᠰᠤᠨ ᠪᠥᠰᠡᠯᠡᠬᠦᠷᠲᠦ᠂ ᠠᠷᠤ ᠬᠤᠶᠢᠰᠢ ᠪᠠᠨ ᠰᠡᠬᠦᠭᠡᠰᠲᠦ ᠠᠮᠠ ᠳᠥᠷᠪᠡᠯᠵᠢᠨ ᠡᠷᠦᠭᠡᠲᠦ᠂ ᠳᠠᠩᠭᠤᠳ ᠴᠡᠭᠭᠮᠠ ᠡᠮᠵᠢᠶᠡᠷᠳᠦ ᠳᠠᠩᠨᠢ ᠰᠡᠷᠢᠮᠡᠯ ᠡᠬᠦᠳᠡᠳᠦ᠂ ᠤᠷᠤᠭ᠎ᠠ ᠮᠤᠷᠢᠨ ᠤ ᠳᠡᠯ ᠢᠶᠠᠷ ᠤᠷᠢᠶᠠᠵᠤ ᠳᠡᠮᠤᠵᠤ ᠬᠢᠭᠰᠡᠨ᠂ ᠤᠷᠤᠬᠰᠠᠨ ᠪᠤᠤᠷ᠎ᠠ ᠶᠢᠨ ᠵᠤᠬᠳᠤᠷ ᠢᠶᠠᠷ ᠤᠶᠠᠵᠤ ᠰᠡᠷᠢᠵᠦ ᠬᠢᠭᠰᠡᠨ᠂ ᠤᠭᠤᠰᠤᠷ ᠪᠥᠴᠢ ᠳᠡᠷᠢᠬᠦᠳᠡᠨ ᠤᠯᠠᠨ ᠵᠦᠢᠯ ᠢ ᠬᠠᠮᠳᠤᠳᠬᠠᠵᠤ᠂ ᠳᠤᠷᠠᠳᠬᠠᠨ ᠢᠷᠦᠭᠡᠵᠦ ᠮᠢᠯᠢᠶᠠᠭᠠᠳ ᠳᠤᠬᠠᠢ ᠶᠤᠰᠤᠨ ᠢ ᠬᠦᠢᠴᠡᠳᠭᠡᠶ᠎ᠡ᠃ ᠲᠥᠷᠦ ᠤᠯᠤᠰ ᠴᠢᠨᠢ ᠡᠩᠬᠡᠵᠢᠵᠦ  ᠲᠡᠮᠦᠷ ᠮᠠᠳᠤ ᠪᠠᠬᠢᠵᠢᠭᠡᠳ᠂ ᠳᠥᠷᠦᠭᠰᠡᠨ ᠨᠤᠲᠤᠬ ᠴᠢᠨᠢ ᠮᠠᠨᠳᠤᠵᠤ ᠲᠥᠮᠡᠨ ᠢᠷᠭᠡᠨ ᠠᠮᠤᠷᠵᠢᠭᠠᠳ᠂ ᠥᠪᠴᠢ ᠪᠥᠬᠦᠨ ᠢᠶᠠᠷ ᠵᠢᠷᠭᠠᠬᠤᠢ ᠶᠢᠨ ᠦᠯᠵᠡᠶᠢᠳᠦ ᠢᠷᠦᠭᠡᠯ ᠢ ᠳᠡᠪᠰᠢᠬᠦᠯᠦᠶ᠎ᠡ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1