 | | | ᠱᠠᠩᠬᠠᠢ ᠶᠢᠨ ᠬᠤᠸᠠᠳᠦ᠋ᠩ ᠡᠮᠨᠡᠯᠭᠡ ᠶᠢᠨ ᠬᠤᠷᠢᠶᠠᠨ ᠤ ᠡᠷᠬᠢᠯᠡᠭᠴᠢ ᠰᠢᠮ᠎ᠡ ᠲᠡᠵᠢᠭᠡᠯ ᠤᠨ ᠮᠡᠷᠭᠡᠵᠢᠯᠳᠡᠨ | ᠴᠧᠨ ᠰᠢᠶᠠ ᠹᠸᠢ ᠶᠢᠨ ᠢᠯᠡᠷᠭᠡᠶᠢᠯᠡᠭᠰᠡᠨ ᠢᠶᠠᠷ᠂ ᠴᠠᠬᠢᠯᠭᠠᠨ ᠵᠤᠭᠰᠤᠭᠰᠠᠨ ᠤ ᠳᠠᠷᠠᠭ᠎ᠠ᠂ ᠬᠦᠯᠳᠡᠭᠡᠬᠦᠷ ᠤᠨ | ᠳᠤᠳᠤᠷᠠᠬᠢ ᠳᠤᠯᠠᠭᠠᠨ ᠨᠢ ᠦᠳᠳᠡᠷ ᠲᠦᠷᠭᠡᠨ ᠲᠡᠭᠡᠭᠰᠢᠯᠡᠵᠦ ᠮᠢᠺᠷᠤᠹ ᠪᠤᠳᠠᠰ ᠤᠨ ᠳᠤᠭ᠎ᠠ ᠴᠤ ᠶᠡᠭᠡᠪᠡᠷ | ᠨᠡᠮᠡᠭᠳᠡᠳᠡᠭ ᠠᠴᠠ ᠳᠠᠯᠪᠢᠵᠤ ᠪᠠᠶᠢᠭᠰᠠᠨ ᠢᠳᠡᠭᠡᠨ ᠤ ᠴᠢᠨᠠᠷ ᠬᠤᠪᠢᠷᠠᠬᠤ ᠶᠢ ᠲᠦᠷᠭᠡᠳᠭᠡᠳᠡᠭ᠃ ᠡᠶᠢᠮᠦ ᠠᠴᠠ | ᠴᠠᠬᠢᠯᠭᠠᠨ ᠢᠷᠡᠭᠰᠡᠨ ᠤ ᠳᠠᠷᠠᠭ᠎ᠠ᠂ ᠬᠦᠯᠳᠡᠭᠡᠬᠦᠷ ᠳᠤᠳᠤᠷᠠᠬᠢ ᠶᠠᠭᠤᠮᠠᠰ ᠢᠶᠠᠨ ᠪᠦᠬᠦᠨ ᠢ ᠭᠠᠷᠭᠠᠭᠠᠳ ᠰᠠᠶᠢᠨ | ᠴᠡᠪᠡᠷᠯᠡᠭᠰᠡᠨ ᠤ ᠳᠠᠷᠠᠭ᠎ᠠ ᠬᠢᠪᠡᠯ ᠵᠦᠭᠡᠷ᠃ ᠰᠡᠷᠢᠬᠦᠨ ᠢᠶᠠᠷ ᠬᠠᠳᠠᠭᠠᠯᠠᠬᠤ ᠴᠦᠩᠬᠦᠷᠢᠭ ᠲᠠᠬᠢ ᠢᠳᠡᠭᠡᠨ ᠤ ᠵᠦᠢᠯᠡᠰ ᠢ | ᠴᠠᠬᠢᠯᠭᠠᠨ ᠵᠤᠭᠰᠤᠭᠰᠠᠨ ᠴᠠᠭ ᠢ ᠦᠵᠡᠵᠦ ᠰᠢᠢᠳᠪᠦᠷᠢᠯᠡᠨ᠎ᠡ᠃ ᠴᠠᠬᠢᠯᠭᠠᠨ ᠵᠤᠭᠰᠤᠭᠰᠠᠨ ᠴᠠᠭ ᠨᠢ 4 ᠴᠠᠭ ᠤᠨ | ᠳᠤᠳᠤᠷ᠎ᠠ ᠪᠤᠯ ᠢᠳᠡᠭᠡᠨ ᠨᠢ ᠭᠠᠳᠠᠨ᠎ᠠ ᠠᠴᠠ ᠨᠢ ᠦᠵᠡᠪᠡᠯ ᠭᠡᠪ ᠤᠨ ᠪᠤᠰᠤ ᠪᠠᠶᠢᠳᠠᠯ ᠦᠭᠡᠢ ᠪᠤᠯ ᠢᠳᠡᠵᠦ ᠪᠤᠯᠤᠨ᠎ᠠ᠂ | ᠭᠡᠶ᠎ᠡ ᠠᠯᠢ ᠪᠤᠯᠬᠤᠢᠢᠴᠠ ᠲᠦᠷᠭᠡᠨ ᠢᠳᠡᠵᠦ ᠪᠠᠷᠠᠭᠠᠬᠤ ᠭᠡᠷᠡᠭᠳᠡᠢ᠃ ᠠᠩᠬᠠᠷᠤᠭᠤᠰᠢᠳᠠᠢ ᠨᠢ᠂ ᠴᠠᠬᠢᠯᠭᠠᠨ | ᠵᠤᠭᠰᠤᠭᠰᠠᠨ ᠤ ᠳᠠᠷᠠᠭ᠎ᠠ ᠬᠦᠯᠳᠡᠭᠡᠬᠦᠷ ᠢᠶᠠᠨ ᠳᠤᠳᠠᠭᠤ ᠨᠡᠭᠡᠭᠡᠵᠦ᠂ ᠳᠤᠯᠠᠭᠠᠨ ᠤ ᠭᠡᠮᠵᠢᠶ᠎ᠡ ᠨᠡᠮᠡᠭᠳᠡᠬᠦ ᠶᠢ | ᠲᠦᠷᠭᠡᠳᠭᠡᠬᠦ ᠠᠴᠠ ᠵᠠᠶᠢᠯᠠᠰᠬᠢᠬᠤ ᠴᠢᠬᠤᠯᠠᠳᠠᠢ᠃ ᠴᠧᠨ ᠰᠢᠶᠠ ᠹᠸᠢ ᠶᠢᠨ ᠢᠯᠡᠷᠭᠡᠶᠢᠯᠡᠭᠰᠡᠨ ᠢᠶᠠᠷ᠂ ᠳᠤᠤᠷᠠᠬᠢ | ᠭᠡᠳᠦᠨ ᠵᠦᠢᠯ ᠤᠨ ᠢᠳᠡᠭᠡᠨ ᠢ ᠴᠠᠬᠢᠯᠭᠠᠨ ᠵᠤᠭᠰᠤᠭᠰᠠᠨ ᠤ ᠳᠠᠷᠠᠭ᠎ᠠ ᠬᠠᠶᠠᠪᠠᠯ ᠵᠤᠬᠢᠨ᠎ᠠ᠄ ᠴᠢᠨᠠᠵᠤ ᠪᠤᠯᠭᠤᠭᠠᠭᠰᠠᠨ | ᠬᠤᠭᠤᠯᠠ᠂ ᠮᠢᠬ᠎ᠠ᠂ ᠳ᠋ᠸᠤᠹᠦ᠋᠂ ᠦᠯᠡᠳᠡᠭᠰᠡᠨ ᠨᠤᠭᠤᠭ᠎ᠠ ᠵᠡᠷᠭᠡ᠃ ᠡᠳᠡᠭᠡᠷ ᠢᠳᠡᠭᠡᠨ ᠢ ᠬᠠᠳᠠᠭᠠᠯᠠᠬᠤ ᠳᠤᠯᠠᠭᠠᠨ ᠤ | ᠭᠡᠮᠵᠢᠶ᠎ᠡ ᠨᠢ ᠵᠤᠬᠢᠰ ᠦᠭᠡᠢ ᠪᠤᠯ ᠠᠮᠠᠷᠬᠠᠨ ᠴᠢᠨᠠᠷ ᠨᠢ ᠬᠤᠪᠢᠷᠠᠳᠠᠭ᠃ 2 ᠴᠠᠭ ᠬᠢᠷᠢᠳᠠᠢ ᠴᠠᠬᠢᠯᠭᠠᠨ ᠵᠤᠭᠰᠤᠭᠰᠠᠨ | ᠴᠤ ᠦᠯᠡᠳᠡᠭᠰᠡᠨ ᠨᠤᠭᠤᠭᠠᠨ ᠤ ᠳᠤᠳᠤᠷᠠᠬᠢ ᠮᠢᠺᠷᠤᠹ ᠪᠤᠳᠠᠰ ᠪᠠ ᠳᠤᠳᠠᠭᠤ ᠠᠽᠤᠲ ᠬᠦᠴᠢᠯ ᠤᠨ ᠳᠠᠪᠤᠰᠤ ᠶᠢᠨ | ᠠᠭᠤᠯᠤᠭᠳᠠᠴᠠ ᠶᠡᠭᠡᠪᠡᠷ ᠨᠡᠮᠡᠭᠳᠡᠳᠡᠭ ᠠᠴᠠ ᠢᠳᠡᠭᠡᠨ ᠤ ᠬᠤᠤᠷᠠᠳᠤᠯ ᠪᠤᠯᠵᠤ ᠮᠡᠳᠡᠨ᠎ᠡ᠃ ᠭᠡᠷᠪᠡ ᠵᠠᠪᠠᠯ ᠢᠳᠡᠬᠦ | ᠭᠡᠪᠡᠯ᠂ ᠡᠷᠭᠡᠪᠰᠢ ᠰᠠᠶᠢᠳᠤᠷ ᠬᠠᠯᠠᠭᠤᠯᠬᠤ ᠭᠡᠷᠡᠭᠳᠡᠢ᠃ ᠵᠢᠭᠠᠰᠤᠨ ᠤ ᠲᠦᠷᠦᠯ᠂ ᠮᠢᠬᠠᠨ ᠤ ᠲᠦᠷᠦᠯ᠂ | ᠪᠤᠭᠤᠯᠳᠠ ᠶᠢ ᠨᠢ ᠨᠡᠭᠡᠭᠡᠭᠰᠡᠨ ᠪᠤᠷᠴᠠᠭ ᠤᠨ ᠵᠦᠢᠯᠡᠰ᠃ ᠬᠦᠯᠳᠡᠭᠡᠬᠦ ᠴᠦᠩᠬᠦᠷᠢᠭ ᠲᠤ ᠴᠢᠨᠢ ᠪᠠᠶᠢᠬᠰᠠᠨ ᠪᠤᠯ | ᠴᠠᠬᠢᠯᠭᠠᠨ ᠵᠤᠭᠰᠤᠭᠰᠠᠨ ᠤ ᠳᠠᠷᠠᠭ᠎ᠠ ᠤᠷᠳᠤ ᠬᠤᠭᠤᠴᠠᠭ᠎ᠠ ᠪᠠᠷ ᠬᠠᠳᠠᠭᠠᠯᠠᠵᠤ ᠪᠤᠯᠬᠤ ᠦᠭᠡᠢ᠂ ᠬᠠᠮᠤᠬ ᠤᠨ | ᠰᠠᠶᠢᠨ ᠨᠢ ᠳᠤᠰ ᠡᠳᠦᠷ ᠲᠡᠭᠡᠨ ᠢᠳᠡᠵᠦ ᠪᠠᠷᠠᠭᠠᠬᠤ ᠭᠡᠷᠡᠭᠳᠡᠢ᠃ ᠳᠠᠬᠢᠶᠠᠨ ᠦᠨᠳᠡᠭᠡ᠃ ᠪᠠᠶᠢᠩᠭᠤ ᠳᠤᠯᠠᠭᠠᠨ ᠤ | ᠳᠤᠳᠤᠷᠠᠬᠢ ᠳᠠᠬᠢᠶᠠᠨ ᠦᠨᠳᠡᠭᠡᠨ ᠤ ᠬᠠᠯᠢᠰᠤ ᠨᠢ ᠬᠠᠭᠤᠷᠠᠢ ᠳᠤᠯᠠ ᠪᠠᠺᠲ᠋ᠧᠷᠢ ᠦᠷᠡᠵᠢᠬᠦ ᠪᠤᠯᠤᠮᠵᠢ ᠦᠭᠡᠢ᠃ ᠭᠡᠶ᠎ᠡ | ᠰᠡᠷᠢᠬᠦᠨ ᠢᠶᠠᠷ ᠬᠠᠳᠠᠭᠠᠯᠠᠵᠤ ᠪᠠᠶᠢᠭᠠᠳ ᠳᠤᠯᠠᠭᠠᠨ ᠤ ᠭᠡᠮᠵᠢᠶ᠎ᠡ ᠨᠢ ᠲᠡᠭᠡᠭᠰᠢᠯᠡᠪᠡᠯ ᠬᠠᠯᠢᠰᠤ ᠨᠢ ᠴᠢᠬᠢᠭᠳᠡᠨ᠂ | ᠪᠠᠺᠲ᠋ᠧᠷᠢ ᠠᠮᠠᠷᠬᠠᠨ ᠦᠷᠡᠵᠢᠳᠡᠭ᠃ | |