︽ᠤᠷᠠᠨ ᠳᠠᠷᠬᠠᠨ ᠤ ᠵᠣᠷᠢᠭ ᠰᠠᠨᠠᠭ᠎ᠠ ᠨᠢ ᠥᠪᠡᠷᠮᠢᠴᠡ ᠣᠨᠴᠠᠯᠢᠭ ᠲᠠᠢ ᠪᠠᠶᠢᠵᠤ᠂ ᠤᠷ᠎ᠠ ᠮᠡᠷᠭᠡᠵᠢᠯ ᠨᠢ | ᠭᠠᠶᠢᠬᠠᠮᠰᠢᠭᠲᠤ ᠦᠷ᠎ᠡ ᠪᠦᠲᠦᠭᠡᠯ ᠣᠯᠤᠨ᠎ᠠ︾᠃ 2025 ᠣᠨ ᠤ ᠪᠤᠭᠤᠲᠤ ᠬᠤᠲᠠ ᠶᠢᠨ ᠪᠠᠭ᠎ᠠ | ᠰᠤᠷᠭᠠᠭᠤᠯᠢ ᠶᠢᠨ ᠵᠠᠯᠠᠭᠤ ᠪᠠᠭᠰᠢ ᠨᠠᠷ ᠤᠨ ︽ᠤᠷᠠᠨ ᠳᠠᠷᠬᠠᠨ ᠤ ᠬᠤᠨᠳᠠᠭᠠᠲᠤ︾ ᠵᠢᠭᠠᠨ ᠰᠤᠷᠭᠠᠯᠲᠠ ᠶᠢᠨ ᠤᠷ᠎ᠠ | ᠴᠢᠳᠠᠪᠤᠷᠢ ᠶᠢᠨ ᠤᠷᠤᠯᠳᠤᠭᠠᠨ ᠲᠡᠭᠦᠰ ᠠᠮᠵᠢᠯᠲᠠ ᠲᠠᠢ ᠥᠨᠳᠥᠷᠯᠡᠪᠡ᠃ ᠮᠠᠨ ᠤ ᠲᠣᠭᠤᠷᠢᠭ ᠤᠨ ᠰᠣᠩᠭᠤᠨ | ᠲᠣᠮᠢᠯᠠᠭᠰᠠᠨ 20 ᠬᠡᠯᠡ ᠪᠢᠴᠢᠭ᠂ ᠲᠣᠭᠠᠨ ᠤ ᠤᠬᠠᠭᠠᠨ᠂ ᠠᠩᠭ᠍ᠯᠢ ᠬᠡᠯᠡ᠂ ᠪᠡᠶ᠎ᠡ ᠶᠢᠨ ᠲᠠᠮᠢᠷ᠂ ᠳᠠᠭᠤᠤ ᠬᠥᠭᠵᠢᠮ | ᠂ ᠤᠷᠠᠨ ᠵᠢᠷᠤᠭ ᠵᠡᠷᠭᠡ ᠰᠢᠨᠵᠢᠯᠡᠭᠡᠨ ᠤ ᠰᠠᠯᠠᠭᠠᠨ ᠤ ᠰᠢᠯᠢᠳᠡᠭ ᠵᠠᠯᠠᠭᠤ ᠪᠠᠭᠰᠢ ᠯᠠᠪᠳᠠᠭᠤᠨ ᠪᠠᠲᠤᠲᠠᠶ ᠭᠦᠨ | ᠵᠤᠵᠠᠭᠠᠨ ᠲᠤᠰᠬᠠᠶ ᠮᠡᠷᠭᠡᠵᠢᠯ ᠤᠨ ᠬᠡᠪ ᠪᠣᠯᠪᠠᠰᠤᠷᠠᠯ ᠪᠠ ᠨᠠᠷᠢᠨ ᠨᠢᠮᠪᠠᠶ ᠵᠢᠭᠠᠨ ᠰᠤᠷᠭᠠᠯᠲᠠ ᠶᠢᠨ ᠤᠷ᠎ᠠ | ᠴᠢᠳᠠᠪᠤᠷᠢ ᠳᠤ ᠲᠦᠰᠢᠭᠯᠡᠨ᠂ ᠬᠥᠮᠦᠰ ᠤᠨ ᠠᠩᠬᠠᠷᠤᠯ ᠢ ᠲᠠᠲᠠᠭᠰᠠᠨ ᠠᠮᠵᠢᠯᠲᠠ ᠪᠦᠲᠦᠮᠵᠢ ᠤᠯᠪᠠ᠃ ᠡᠭᠦᠨ ᠳᠤ᠂ | 10 ᠪᠠᠭᠰᠢ ᠬᠤᠲᠠ ᠶᠢᠨ ᠵᠠᠯᠠᠭᠤ ᠪᠠᠭᠰᠢ ᠶᠢᠨ | ᠵᠢᠭᠠᠨ ᠰᠤᠷᠭᠠᠯᠲᠠ ᠶᠢᠨ ᠤᠷ᠎ᠠ ᠴᠢᠳᠠᠪᠤᠷᠢ ᠶᠢᠨ ᠤᠷᠤᠯᠳᠤᠭᠠᠨ ᠤ ᠨᠢᠭᠡᠳᠦᠭᠡᠷ ᠳᠡᠰ ᠤᠨ ᠱᠠᠩᠨᠠᠯ ᠢ ᠭᠥᠷᠳᠡᠵᠦ᠂ | ᠡᠭᠦᠨ ᠠᠴᠠ ᠭᠠᠳᠠᠨ᠎ᠠ 10 ᠪᠠᠭᠰᠢ ᠬᠤᠶᠠᠳᠤᠭᠠᠷ ᠳᠡᠰ ᠤᠨ ᠱᠠᠩᠨᠠᠯ ᠭᠥᠷᠳᠡᠪᠡ᠃ | ᠤᠷᠤᠯᠳᠤᠭᠠᠨ ᠳᠤ ᠣᠷᠣᠯᠴᠠᠭᠰᠠᠨ ᠵᠠᠯᠠᠭᠤ ᠪᠠᠭᠰᠢ ᠨᠠᠷ ᠰᠤᠷᠭᠠᠨ ᠬᠥᠮᠦᠵᠢᠯ ᠤᠨ ᠦᠢᠯᠡᠰ ᠲᠤ ᠬᠢᠵᠠᠭᠠᠯᠠᠰᠢ | ᠦᠭᠡᠢ ᠬᠠᠯᠠᠭᠤᠨ ᠰᠡᠳᠬᠢᠯᠭᠡ ᠡᠪᠦᠷᠯᠡᠵᠦ᠂ ᠤᠷᠤᠯᠳᠤᠭᠠᠨ ᠤ ᠲᠠᠯᠠᠪᠤᠷ ᠲᠤ ᠲᠡᠳᠡᠨ ᠤ ᠭᠡᠷᠡᠯ ᠰᠠᠴᠤᠷᠠᠩᠭᠤᠢ | ᠬᠠᠭᠤᠳᠠᠰᠤ ᠶᠢ ᠪᠢᠴᠢᠭᠯᠡᠵᠦ᠂ ᠮᠠᠨ ᠤ ᠲᠣᠭᠤᠷᠢᠭ ᠤᠨ ᠰᠤᠷᠭᠠᠨ ᠬᠥᠮᠦᠵᠢᠯ ᠤᠨ ᠪᠤᠳᠢ ᠳᠤ ᠥᠩᠭᠡ ᠬᠡᠷᠡᠯ | ᠨᠡᠮᠡᠷᠢᠯᠡᠭᠰᠡᠨ ᠪᠠᠶᠢᠨ᠎ᠠ᠃ | ᠰᠢᠯᠢᠳᠡᠭ ᠠᠮᠵᠢᠯᠲᠠ ᠣᠯᠣᠭᠰᠠᠨ ᠳᠤ ᠪᠠᠶᠠᠷ ᠬᠦᠷᠭᠡᠶ᠎ᠡ | | | | ᠰᠢᠯᠢᠳᠡᠭ ᠬᠢᠷᠢ ᠪᠦᠲᠦᠮᠵᠢ ᠶᠢᠨ ᠠᠷᠤ ᠳᠤ ᠮᠠᠨ ᠤ ᠲᠣᠭᠤᠷᠢᠭ ᠤᠨ ᠤᠷᠲᠤ ᠬᠤᠭᠤᠴᠠᠭᠠᠨ ᠤ ᠲᠤᠷᠰᠢ ᠰᠤᠷᠭᠠᠨ | ᠬᠥᠮᠦᠵᠢᠯ ᠬᠢᠵᠦ᠂ ᠪᠠᠭᠰᠢ ᠶᠢᠨ ᠡᠩᠨᠡᠭᠡᠨ ᠤ ᠪᠠᠶᠢᠭᠤᠯᠤᠯᠲᠠ ᠶᠢ ᠪᠦᠬᠦ ᠬᠦᠴᠦᠨ ᠢᠶᠠᠷ ᠢᠶᠠᠨ ᠴᠢᠩᠭᠠᠳᠬᠠᠬᠤ | ᠠᠮᠢᠳᠤᠯᠢᠭ ᠲᠠᠶᠢᠯᠪᠤᠷᠢ ᠪᠣᠯᠤᠨ᠎ᠠ᠃ ᠤᠢᠢᠷ᠎ᠠ ᠶᠢᠨ ᠵᠢᠯ ᠠᠴᠠ᠂ ᠮᠠᠨ ᠤ ᠲᠣᠭᠤᠷᠢᠭ ᠤᠨ ᠪᠠᠭᠰᠢ ᠶᠢᠨ ᠬᠥᠭᠵᠢᠯᠲᠡ ᠶᠢ | ᠢᠮᠠᠭᠲᠠ ᠰᠤᠷᠭᠠᠨ ᠬᠥᠮᠦᠵᠢᠯ ᠤᠨ ᠦᠢᠯᠡᠰ ᠤᠨ ᠭᠤᠣᠯ ᠪᠠᠶᠢᠷᠢᠨ ᠳᠤ ᠲᠠᠯᠪᠢᠵᠤ᠂ ᠲᠡᠭᠦᠨ ᠢ ᠰᠤᠷᠭᠠᠨ | ᠬᠥᠮᠦᠵᠢᠯ ᠤᠨ ᠲᠠᠪᠰᠢᠯᠳᠠ ᠶᠢ ᠠᠬᠢᠭᠤᠯᠬᠤ ᠵᠠᠩᠭᠢᠯᠠᠭ᠎ᠠ ᠶᠢᠨ ᠬᠥᠳᠡᠯᠭᠡᠬᠦ ᠬᠦᠴᠦᠨ ᠢᠶᠠᠷ ᠦᠵᠡᠵᠦ᠂ ᠪᠠᠭᠰᠢ ᠶᠢᠨ | ᠱᠠᠲᠤᠯᠢᠭ ᠡᠩᠨᠡᠭᠡ ᠶᠢ ᠬᠥᠮᠦᠵᠢᠭᠦᠯᠬᠦ ᠰᠢᠰᠲ᠋ᠧᠮ ᠢ ᠪᠠᠶᠢᠭᠤᠯᠵᠤ᠂ ᠪᠠᠭᠰᠢ ᠶᠢᠨ ᠦᠰᠦᠨ ᠪᠤᠶᠢᠵᠢᠯᠳᠠ ᠳᠤ ᠥᠷᠭᠡᠨ | ᠠᠭᠤᠳᠠᠮ ᠲᠠᠪᠴᠠᠩ ᠪᠠᠶᠢᠭᠤᠯᠵᠤ ᠥᠭᠴᠡᠢ᠃ ᠡᠲᠡᠭᠡᠷ ᠢᠷᠠᠭᠤ ᠠᠯᠳᠠᠷ ᠨᠢ ᠱᠠᠩᠨᠠᠯ ᠣᠯᠤᠭᠰᠠᠨ ᠪᠠᠭᠰᠢ ᠶᠢᠨ | ᠬᠤᠪᠢ ᠬᠥᠮᠦᠨ ᠤ ᠢᠷᠠᠭᠤ ᠠᠯᠳᠠᠷ ᠤᠨ ᠲᠡᠮᠳᠡᠭ ᠪᠣᠯᠬᠤ ᠪᠠᠷ ᠪᠠᠷᠠᠬᠤ ᠥᠬᠡᠶ᠂ ᠨᠠᠩ ᠴᠤ ᠮᠠᠨ ᠤ ᠲᠣᠭᠤᠷᠢᠭ ᠤᠨ | ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠴᠢᠨᠠᠷ ᠰᠠᠶᠢᠲᠠᠶ ᠬᠥᠭᠵᠢᠯᠲᠡ ᠳᠤ ᠬᠦᠴᠦᠲᠡᠶ ᠭᠡᠷᠡᠴᠢᠯᠡᠯ ᠪᠣᠯᠤᠨ᠎ᠠ᠃ | ᠢᠷᠡᠭᠡᠳᠦᠶ ᠪᠠᠨ ᠪᠠᠷᠠᠯᠠᠬᠤᠶ᠎ᠠ᠂ ᠮᠠᠨ ᠤ ᠲᠣᠭᠤᠷᠢᠭ ᠤᠨ ᠰᠤᠷᠭᠠᠨ ᠬᠥᠮᠦᠵᠢᠯ ᠤᠨ ᠦᠩ ᠰᠢᠮᠡᠯᠢᠭ ᠬᠥᠷᠥᠰᠥ ᠶᠢ | ᠦᠷᠭᠦᠯᠵᠢᠯᠡᠨ ᠪᠠᠬᠢᠵᠢᠭᠦᠯᠵᠦ᠂ ᠪᠠᠭᠰᠢ ᠶᠢ ᠬᠥᠮᠦᠵᠢᠭᠦᠯᠬᠦ ᠡᠷᠴᠢᠮ ᠢᠶᠠᠨ ᠴᠢᠩᠭᠠᠷᠠᠭᠤᠯᠤᠨ᠂ ᠨᠠᠩ ᠣᠯᠠᠨ ᠰᠤᠷᠭᠠᠨ | ᠬᠥᠮᠦᠵᠢᠯ ᠤᠨ ᠰᠢᠨ᠎ᠡ ᠰᠣᠳᠣᠨ ᠰᠤᠷᠭᠠᠨ ᠬᠥᠮᠦᠵᠢᠯ ᠤᠨ ᠲᠠᠪᠴᠠᠩ ᠳᠤ ᠬᠡᠷᠡᠯ ᠭᠢᠯᠪᠠᠭ᠎ᠠ ᠪᠠᠨ ᠰᠠᠴᠤᠷᠠᠭᠤᠯᠬᠤ ᠶᠢ | ᠵᠣᠷᠢᠭᠵᠢᠭᠤᠯᠵᠤ᠂ ᠮᠠᠨ ᠤ ᠲᠣᠭᠤᠷᠢᠭ ᠤᠨ ᠰᠤᠷᠭᠠᠨ ᠬᠥᠮᠦᠵᠢᠯ ᠤᠨ ᠦᠢᠯᠡᠰ ᠤᠨ ᠨᠠᠩ ᠴᠢᠨᠠᠷ ᠰᠠᠶᠢᠲᠠᠶ᠂ ᠨᠠᠩ | ᠠᠮᠢᠵᠢᠷᠠᠯ ᠤᠨ ᠬᠦᠴᠦᠨ ᠲᠠᠢ ᠲᠡᠰᠢ ᠥᠷᠨᠢᠨ ᠬᠥᠭᠵᠢᠬᠦ ᠶᠢ ᠠᠬᠢᠭᠤᠯᠤᠨ᠎ᠠ︕ |