4 ᠰᠠᠷ᠎ᠠ ᠶᠢᠨ 17 ᠤ ᠡᠳᠦᠷ᠂ ᠲᠤᠭᠤᠷᠢᠭ ᠤᠨ ᠨᠠᠮ ᠤᠨ ᠬᠤᠷᠢᠶ᠎ᠠ ᠶᠢᠨ ᠣᠨᠣᠯ ᠰᠤᠷᠤᠯᠴᠠᠬᠤ ᠭᠤᠤᠯ | ᠳᠤᠭᠤᠶᠢᠯᠠᠩ 2025 ᠣᠨ ᠤ 5 ᠳ᠋ᠤᠭᠠᠷ ᠤᠳᠠᠭᠠᠨ ᠤ ᠬᠠᠮᠲᠤ ᠶᠢᠨ ᠰᠤᠷᠤᠯᠴᠠᠯᠭ᠎ᠠ ᠶᠢᠨ ᠬᠤᠷᠠᠯ ᠬᠢᠵᠦ᠂ | ᠶᠡᠷᠦᠩᠬᠡᠶ ᠱᠦᠵᠢ ᠰᠢ ᠶᠢᠨ ᠫᠢᠩ ᠤᠨ ᠪᠥᠬᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠠᠬᠢ ᠴᠢᠬᠤᠯᠠ | ᠶᠠᠷᠢᠶᠠᠨ ᠤ ᠵᠣᠷᠢᠭ ᠰᠠᠨᠠᠭ᠎ᠠ ᠪᠠ ᠪᠥᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ | ᠣᠶᠢᠯᠠᠭᠠᠬᠤ ᠶᠢᠨ ᠲᠣᠭᠤᠷᠢᠨ ᠳᠤ ᠲᠤᠰᠬᠠᠶ ᠰᠡᠳᠦᠪ ᠢᠶᠠᠷ ᠰᠤᠷᠤᠯᠴᠠᠨ ᠰᠤᠳᠤᠯᠤᠨ ᠶᠠᠷᠢᠯᠴᠠᠪᠠ᠃ ᠲᠣᠭᠤᠷᠢᠭ ᠤᠨ | ᠨᠠᠮ ᠤᠨ ᠬᠤᠷᠢᠶᠠᠨ ᠤ ᠱᠦᠵᠢ ᠸᠠᠩ ᠷᠦᠢ ᠬᠤᠷᠠᠯ ᠡᠷᠭᠢᠯᠡᠭᠰᠡᠨ ᠪᠥᠭᠡᠳ ᠶᠠᠷᠢᠶ᠎ᠠ ᠲᠠᠯᠪᠢᠵᠠᠶ᠃ | ᠬᠤᠷᠠᠯ ᠳᠡᠭᠡᠷ᠎ᠡ᠂ ᠵᠠᠩ ᠹᠸᠢ᠂ ᠵᠧᠦ ᠶᠦᠩ ᠸᠧᠢ᠂ ᠸᠠᠨ ᠯᠢ᠂ ᠶᠠᠩ ᠵᠢᠶᠠᠨ ᠵᠢᠶᠦ᠋ᠨ᠂ ᠶᠣᠣ ᠬᠦᠢ ᠹᠠᠩ᠂ ᠦ᠋ | ᠭᠦᠸᠧ ᠳ᠋ᠦᠩ᠂ ᠯᠢ ᠰᠦᠸᠧ᠂ ᠪᠠᠢ ᠵᠢᠢ ᠸᠧᠨ᠂ ᠸᠠᠩ ᠵᠢᠶᠠᠨ ᠫᠢᠩ ᠲᠤᠰ ᠲᠤᠰ ᠤᠨ ᠪᠣᠳᠣᠯᠬᠢᠯᠠᠯ ᠪᠠ ᠠᠵᠢᠯ ᠤᠨ | ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠰᠠᠨᠠᠯ ᠢᠶᠠᠨ ᠰᠣᠯᠢᠯᠴᠠᠬᠤ ᠶᠠᠷᠢᠶ᠎ᠠ ᠲᠠᠯᠪᠢᠵᠤ᠂ ᠪᠤᠰᠤᠳ ᠭᠤᠣᠯ | ᠳᠤᠭᠤᠶᠢᠯᠠᠩ ᠤᠨ ᠪᠦᠷᠢᠯᠳᠦᠬᠦᠨ ᠪᠢᠴᠢᠭ ᠤᠨ ᠮᠠᠲ᠋ᠧᠷᠢᠶᠠᠯ ᠢᠶᠠᠨ ᠲᠤᠰᠢᠶᠠᠪᠠ᠃ ᠸᠠᠩ ᠷᠦᠢ ᠬᠡᠯᠡᠬᠦ ᠳᠡᠭᠡᠨ᠂ ᠪᠥᠬᠦ | ᠤᠯᠤᠰ ᠤᠨ ︽ᠬᠤᠶᠠᠷ ᠬᠤᠷᠠᠯ︾ ᠢᠯᠠᠩᠭᠤᠶ᠎ᠠ ᠶᠡᠷᠦᠩᠬᠡᠶ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ | ᠵᠣᠷᠢᠭ ᠰᠠᠨᠠᠭ᠎ᠠ ᠶᠢ ᠰᠠᠶᠢᠲᠤᠷ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢ ᠣᠳᠣᠬᠠᠨ ᠤ ᠪᠠ ᠬᠤᠶᠢᠰᠢᠳᠠ ᠶᠢᠨ | ᠬᠡᠰᠡᠭ ᠬᠤᠭᠤᠴᠠᠭᠠᠨ ᠤ ᠴᠢᠬᠤᠯᠠ ᠤᠯᠤᠰ ᠲᠥᠷᠥ ᠶᠢᠨ ᠡᠭᠦᠷᠭᠡ ᠪᠣᠯᠭᠠᠵᠤ᠂ ᠰᠤᠷᠤᠯᠴᠠᠨ ᠲᠤᠭᠤᠰᠢᠯᠠᠭᠤᠯᠬᠤ | ᠤᠯᠤᠰ ᠲᠥᠷᠥ ᠶᠢᠨ ᠤᠬᠠᠮᠰᠠᠷ᠂ ᠦᠵᠡᠯ ᠰᠠᠨᠠᠭᠠᠨ ᠤ ᠤᠬᠠᠮᠰᠠᠷ ᠪᠠ ᠥᠢᠯᠡ ᠠᠵᠢᠯᠯᠠᠭᠠᠨ ᠤ ᠤᠬᠠᠮᠰᠠᠷ ᠢᠶᠠᠨ | ᠦᠨᠡᠨ ᠬᠦ ᠴᠢᠩᠭᠠᠳᠬᠠᠵᠤ᠂ ᠨᠠᠮ ᠤᠨ ᠲᠥᠪ ᠬᠤᠷᠢᠶᠠᠨ ᠤ ᠡᠯ᠎ᠡ ᠵᠥᠢᠯ ᠤᠨ ᠰᠢᠢᠳᠪᠦᠷᠢᠲᠦ ᠪᠣᠳᠣᠯᠭ᠎ᠠ | ᠪᠠᠶᠢᠷᠢᠯᠠᠭᠤᠯᠤᠯᠲᠠ ᠪᠠ ᠪᠥᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠮᠠᠨ ᠤ ᠲᠣᠭᠤᠷᠢᠭ ᠲᠤ | ᠨᠠᠷᠢᠯᠢᠭ ᠨᠠᠶᠢᠳᠠᠪᠤᠷᠢᠵᠢᠭᠤᠯᠵᠤ᠂ ᠪᠣᠳᠠᠲᠠᠶ ᠦᠷ᠎ᠡ ᠪᠦᠲᠦᠮᠵᠢ ᠤᠯᠬᠤ ᠶᠢ ᠦᠨᠡᠨ ᠬᠦ ᠪᠠᠲᠤᠯᠠᠬᠤ ᠬᠡᠷᠡᠭᠲᠡᠶ ᠭᠡᠵᠡᠶ᠃ | ︽ᠬᠤᠶᠠᠷ ᠰᠢᠨ᠎ᠡ︾ ᠶᠢᠨ ᠤᠳᠤᠷᠢᠳᠤᠮᠵᠢ ᠶᠢ ᠪᠠᠲᠤ ᠪᠤᠢ ᠪᠣᠯᠭᠠᠵᠤ᠂ ︽ᠭᠤᠷᠪᠠ ᠶᠢ ᠡᠷᠢᠬᠦ︾ ᠠᠵᠢᠯ ᠤᠨ | ᠲᠣᠭᠤᠷᠢᠨ ᠳᠤ᠂ ᠡᠯ᠎ᠡ ᠳᠠᠭᠠᠭᠠᠴᠢᠯᠠᠨ ᠬᠤᠯᠪᠣᠭᠠᠯᠠᠬᠤ ᠰᠢᠶᠠᠨ ᠤ ᠱᠠᠲᠤᠨ ᠤ ᠤᠳᠤᠷᠢᠳᠤᠯᠭ᠎ᠠ ᠪᠠ ᠭᠤᠣᠯ | ᠬᠠᠷᠢᠭᠤᠴᠠᠯᠭᠠᠲᠤ ᠨᠢᠭᠡᠴᠡ ᠰᠠᠨᠠᠭᠠᠴᠢᠯᠠᠭ᠎ᠠ ᠠᠴᠠ ᠪᠠᠨ ᠤᠷᠢᠳᠴᠢᠯᠠᠨ ᠦᠢᠯᠡᠴᠢᠯᠡᠵᠦ᠂ ︽ᠣᠷᠣᠭᠤᠯᠤᠨ | ᠠᠪᠴᠢᠷᠠᠬᠤ - ᠪᠦᠲᠦᠭᠡᠨ ᠪᠠᠶᠢᠭᠤᠯᠬᠤ - ᠠᠰᠢᠭᠯᠠᠯᠲᠠ ᠳᠤ ᠣᠷᠣᠭᠤᠯᠬᠤ - ᠲᠡᠰ ᠳᠡᠪᠰᠢᠭᠦᠯᠵᠦ ᠨᠢᠭᠡᠳᠦᠯᠲᠡᠢ | ᠪᠣᠯᠭᠠᠬᠤ︾ ᠪᠦᠬᠦ ᠦᠶᠡᠯᠡᠯ ᠤᠨ ᠬᠤᠭᠤᠴᠠᠭᠠᠨ ᠤ ᠬᠠᠮᠢᠶᠠᠷᠤᠯᠲᠠ ᠶᠢ ᠴᠢᠩᠭᠠᠳᠬᠠᠵᠤ᠂ ᠠᠵᠤ ᠠᠬᠤᠶᠢᠯᠠᠯ ᠤᠨ | ᠬᠦᠴᠢᠷᠳᠡᠯ ᠢ ᠰᠢᠢᠳᠪᠦᠷᠢᠯᠡᠬᠦ ᠳᠤ ᠬᠦᠴᠦᠨ ᠨᠡᠮᠡᠷᠢᠯᠡᠬᠦ ᠬᠡᠷᠡᠭᠲᠡᠢ᠃ ᠲᠦᠷᠦ ᠶᠢᠨ ᠪᠤᠳᠤᠯᠭ᠎ᠠ ᠶᠢᠨ ᠠᠵᠠ ᠲᠣᠬᠢᠶᠠᠯ ᠢ | ᠪᠠᠲᠤ ᠡᠵᠡᠮᠳᠡᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠ ᠬᠦᠩᠭᠡᠨᠴᠠᠭᠠᠨ ᠢ ᠨᠠᠷᠢᠯᠢᠭ | ᠡᠳ᠋ᠰᠢᠭᠦᠯᠬᠦ᠂ ᠡᠬᠢ ᠪᠠᠶᠠᠯᠢᠭ ᠢ ᠡᠷᠭᠢᠯᠳᠦᠭᠦᠯᠦᠨ ᠠᠰᠢᠭᠯᠠᠬᠤ᠂ ᠰᠢᠨ᠎ᠡ ᠡᠨᠧᠷᠭᠢ ᠶᠢᠨ ᠲᠣᠨᠣᠭᠯᠠᠯ ᠦᠢᠯᠡᠳᠬᠦ ᠵᠡᠷᠭᠡ | ᠭᠤᠣᠯᠳᠠᠯᠭ᠎ᠠ ᠲᠠᠢ ᠠᠵᠤ ᠦᠢᠯᠡᠰ ᠤᠨ ᠭᠦᠨᠵᠡᠭᠡᠢ ᠠᠭᠤᠰᠤᠯᠴᠠᠯ ᠢ ᠪᠦᠬᠦ ᠲᠠᠯ᠎ᠠ ᠪᠠᠷ ᠠᠬᠢᠭᠤᠯᠵᠤ᠂ ᠨᠡᠩ ᠡᠷᠡᠰ | ᠵᠣᠷᠢᠭ᠂ ᠨᠡᠩ ᠶᠡᠭᠡ ᠡᠷᠴᠢᠮ ᠢᠶᠠᠷ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠠᠵᠢᠯ ᠢ ᠰᠠᠶᠢᠲᠤᠷ ᠬᠢᠬᠦ ᠬᠡᠷᠡᠭᠲᠡᠢ᠃ | ᠪᠦᠬᠦ ᠬᠦᠴᠦᠨ ᠢᠶᠠᠷ ᠢᠶᠠᠨ ᠳᠣᠲᠣᠭᠠᠳᠤ ᠬᠡᠷᠡᠭᠴᠡᠭᠡ ᠶᠢ ᠥᠷᠭᠡᠳᠬᠡᠵᠦ ᠬᠡᠷᠡᠭᠯᠡᠭᠡ ᠶᠢ ᠠᠬᠢᠭᠤᠯᠵᠤ᠂ ᠴᠢᠨᠠᠷ | ᠰᠠᠶᠢᠲᠠᠢ ᠪᠦᠳᠦᠭᠡᠨ ᠪᠠᠶᠢᠭᠤᠯᠤᠯᠲᠠ᠂ ᠥᠨᠳᠥᠷ ᠲᠦᠪᠰᠢᠨ ᠢᠶᠠᠷ ᠤᠨᠴᠠᠯᠢᠬᠳᠤ ᠵᠡᠭᠡᠯᠢ ᠲᠣᠭᠤᠷᠢᠭ ᠪᠠ | ᠦᠵᠡᠮᠵᠢ ᠶᠢᠨ ᠣᠷᠣᠨ ᠢ ᠡᠵᠡᠩᠨᠡᠵᠦ᠂ ᠤᠬᠠᠭᠤᠯᠭ᠎ᠠ ᠶᠢᠨ ᠠᠷᠭ᠎ᠠ ᠪᠠᠷᠢᠯ ᠪᠠ ᠠᠷᠭ᠎ᠠ ᠬᠡᠯᠪᠡᠷᠢ ᠶᠢᠨ ᠰᠢᠨ᠎ᠡ ᠶᠢ | ᠡᠭᠦᠳᠴᠦ᠂ ᠳ᠋ᠦᠩ ᠾᠧ ᠰᠣᠶᠣᠯ ᠵᠤᠭᠠᠴᠠᠯ ᠤᠨ ᠨᠡᠷ᠎ᠡ ᠶᠢᠨ ᠬᠠᠭᠤᠳᠠᠰᠤ ᠶᠢ ᠭᠡᠷᠡᠯᠳᠦᠬᠦᠯᠬᠦ ᠬᠡᠷᠡᠭᠲᠡᠢ᠃ ︽ | ᠭᠤᠷᠪᠠᠨ ᠥᠨᠳᠦᠷᠯᠢᠭ︾ ᠤᠨ ᠪᠦᠳᠦᠭᠡᠨ ᠪᠠᠶᠢᠭᠤᠯᠤᠯᠲᠠ ᠶᠢ ᠭᠦᠨᠵᠡᠭᠡᠢ ᠠᠬᠢᠭᠤᠯᠵᠤ᠂ ᠠᠮᠢ ᠠᠬᠤᠢ ᠶᠢᠨ | ᠬᠠᠮᠠᠭᠠᠯᠠᠯᠲᠠ᠂ ᠵᠠᠬᠢᠳᠠᠯ ᠰᠤᠷᠪᠤᠯᠵᠢᠯᠠᠭ᠎ᠠ ᠶᠢᠨ ᠲᠣᠭᠲᠠᠭᠤᠨ ᠢ ᠬᠠᠮᠠᠭᠠᠯᠠᠬᠤ᠂ ᠥᠷᠢ ᠥᠭᠴᠡᠭᠡ ᠶᠢ ᠰᠢᠢᠳᠪᠦᠷᠢᠯᠡᠬᠦ | ᠵᠡᠷᠭᠡ ᠠᠵᠢᠯ ᠢ ᠰᠡᠳᠬᠢᠯ ᠲᠠᠯᠪᠢᠨ ᠬᠦᠴᠦ ᠣᠷᠣᠭᠤᠯᠤᠨ ᠰᠠᠶᠢᠲᠤᠷ ᠠᠳᠬᠤᠵᠤ᠂ ᠦᠨᠳᠦᠰᠦᠲᠡᠨ ᠨᠦᠭᠦᠳ ᠤᠨ | ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠢᠷᠭᠠᠯᠲᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠢ | ᠲᠠᠰᠤᠷᠠᠯᠳᠠ ᠦᠭᠡᠢ ᠳᠡᠭᠡᠭᠰᠢᠯᠡᠭᠦᠯᠬᠦ ᠬᠡᠷᠡᠭᠲᠡᠢ᠃ | ᠭᠡᠷ ᠲᠡᠭᠡᠨ ᠪᠠᠶᠢᠭ᠎ᠠ ᠰᠢᠶᠠᠨ ᠤ ᠱᠠᠲᠤᠨ ᠤ ᠺᠠᠳ᠋ᠷ᠂ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠠᠯᠪᠠᠨ ᠭᠡᠷ᠂ ᠲᠣᠭᠤᠷᠢᠭ ᠤᠨ ᠵᠠᠰᠠᠭ ᠤᠨ ᠣᠷᠳᠣᠨ ᠤ ᠠᠯᠪᠠᠨ ᠭᠡᠷ᠂ ᠲᠣᠭᠤᠷᠢᠭ ᠤᠨ ᠤᠯᠤᠰ | ᠲᠥᠷᠥ ᠶᠢᠨ ᠵᠥᠪᠯᠡᠯᠭᠡᠨ ᠤ ᠠᠯᠪᠠᠨ ᠭᠡᠷ ᠤᠨ ᠤᠳᠤᠷᠢᠳᠬᠤ ᠨᠥᠬᠦᠳ ᠵᠢᠴᠢ ᠲᠣᠭᠤᠷᠢᠭ ᠤᠨ ᠨᠠᠮ ᠤᠨ ᠬᠤᠷᠢᠶᠠᠨ ᠤ | ᠨᠠᠮ ᠤᠨ ᠰᠤᠷᠭᠠᠭᠤᠯᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃ |