ᠡᠶᠢᠮᠦ ᠤᠨᠲᠠᠬᠤ ᠳᠠᠳᠬᠠᠯ ᠨᠢ ᠥᠲᠡᠯᠬᠦ ᠶᠢ ᠤᠳᠠᠭᠠᠰᠢᠷᠠᠭᠤᠯᠬᠤ ᠳᠤ ᠠᠰᠢᠭᠲᠠᠢ︕ ᠰᠠᠶᠢᠨ ᠤᠨᠲᠠᠶ᠎ᠠ ᠭᠡᠪᠠᠯ ᠡᠨᠡ ᠬᠤᠶᠠᠷ ᠲᠠᠯ᠎ᠠ ᠶᠢ ᠠᠩᠬᠠᠷᠬᠤ ᠬᠡᠷᠡᠭᠲᠡᠶ
ᠨᠡᠶᠢᠲᠡᠯᠡᠭᠰᠡᠨ ᠴᠠᠭ᠄
2025/3/5
   2023 ᠣᠨ ᠤ  8  ᠰᠠᠷ᠎ᠠ ᠳᠤ  ︽ᠤᠨᠲᠠᠬᠤᠶ ᠶᠢᠨ  ᠡᠷᠡᠭᠦᠯ  ᠮᠡᠨᠳᠦ︾  ᠰᠡᠳᠬᠦᠯ ᠳᠤ  ᠨᠡᠶᠢᠲᠡᠯᠡᠭᠰᠡᠨ  ᠨᠢᠭᠡᠨ‌‍ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠲᠣᠭᠲᠠᠭᠤᠨ ᠤᠨᠲᠠᠬᠤ ᠳᠠᠳᠬᠠᠯ ᠲᠠᠢ  ᠪᠠᠶᠢᠬᠤ ᠨᠢ  ᠠᠮᠢᠳᠤ  ᠪᠣᠳᠠᠰ ᠤᠨ  ᠥᠲᠡᠯᠬᠦ‌‍ᠶᠠᠪᠤᠴᠠ ᠶᠢ ᠤᠳᠠᠭᠠᠰᠢᠷᠠᠭᠤᠯᠬᠤ ᠳᠤ ᠠᠰᠢᠭᠲᠠᠶ ᠪᠠᠶᠢᠳᠠᠭ᠃ ᠤᠨᠲᠠᠬᠤ ᠴᠠᠭ ᠤᠨ ᠵᠥᠷᠢᠶ᠎ᠡ ᠨᠢ  ᠨᠡᠯᠢᠶᠡᠳ  ᠶᠡᠭᠡ᠂  ᠠᠵᠢᠯ ‍ᠤᠨ‌ᠡᠳᠦᠷ ᠪᠠ ᠭᠠᠷᠠᠭ ᠤᠨ ᠰᠡᠭᠦᠯᠴᠢ ᠶᠢᠨ ᠤᠨᠲᠠᠬᠤ ᠴᠠᠭ ᠤᠨ ᠵᠥᠷᠢᠶ᠎ᠡ ᠨᠢ ᠶᠡᠭᠡ ᠪᠠᠶᠬᠦᠮᠦᠰ   ᠢ  ᠲᠣᠭᠲᠠᠭᠤᠨ  ᠤᠨᠲᠠᠬᠤ‌‍ᠲ᠋ᠠᠳᠬᠠᠯ ᠲᠠᠢ ᠬᠥᠮᠦᠨ ᠲᠠᠢ ᠬᠠᠷᠢᠴᠠᠭᠤᠯᠪᠠᠯ ᠠᠮᠢᠳᠤ ᠪᠣᠳᠠᠰ ᠤᠨ ᠨᠠᠰᠤᠨ ᠤ ᠥᠲᠡᠯᠬᠦ ᠶᠠᠪᠤᠴᠠ 9 ᠰᠠᠷ᠎ᠠ ᠶᠢᠨ ᠵᠦᠷᠢᠶ᠎ᠡ  ᠲᠠᠢ‌‍ᠪᠠᠶᠢᠳᠠᠭ᠃ ᠲᠣᠭᠲᠠᠭᠤᠨ ᠰᠠᠶᠢᠬᠠᠨ ᠤᠨᠲᠠᠬᠤ ᠳᠠᠳᠬᠠᠯ  ᠲᠠᠢ᠂ ᠡᠳᠦᠷ ᠪᠦᠷᠢ ᠤᠨᠲᠠᠬᠤ ᠴᠠᠭ᠂ ᠪᠣᠰᠬᠤ ᠴᠠᠭ ᠢᠶᠠᠨ  ᠪᠠᠲᠤᠯᠠᠪᠠᠯ‌ᠠᠮᠢᠳᠤ ᠪᠣᠳᠠᠰ ᠤᠨ ᠥᠲᠡᠯᠬᠦ ᠶᠠᠪᠤᠴᠠ ᠶᠢ ᠤᠳᠠᠭᠠᠰᠢᠷᠠᠭᠤᠯᠬᠤ ᠳᠤ ᠠᠰᠢᠭᠲᠠᠢ ᠶᠤᠮ᠃             ᠤᠨᠲᠠᠬᠤ ᠶᠢ ᠨᠥᠯᠥᠭᠡᠯᠡᠬᠦ ᠬᠤᠶᠠᠷ ᠵᠠᠩᠭᠢᠯᠠᠭ᠎ᠠ ᠶᠢᠨ ᠡᠯᠧᠮᠧᠨ᠋ᠲ ᠪᠣᠯ ︽ᠵᠢᠮ᠎ᠡ ᠬᠠᠤᠯᠢ ᠲᠠᠢ ᠪᠠᠶᠢᠬᠤ︾ ᠪᠠ ︽ᠬᠠᠨᠲᠠᠯ᠎ᠠ‌ᠤᠨᠲᠠᠬᠤ︾ ᠶᠠᠪᠤᠳᠠᠯ  ᠪᠣᠯᠤᠨ᠎ᠠ᠃  ᠬᠥᠮᠦᠨ ᠤ  ᠪᠡᠶ᠎ᠡ ᠶᠢᠨ  ᠥᠪᠡᠷ ᠢ ᠪᠠᠨ  ᠰᠡᠷᠭᠦᠭᠡᠬᠦ  ᠠᠵᠢᠯᠯᠠᠭ᠎ᠠ   ᠨᠢ  ᠣᠯᠠᠩᠬᠢ ᠳ᠋ᠠᠭᠠᠨ‌ᠥᠷᠯᠥᠭᠡ ᠶᠢᠨ 3 ᠴᠠᠭ ᠠᠴᠠ ᠡᠮᠦᠨ᠎ᠡ ᠶᠠᠪᠤᠭᠳᠠᠳᠠᠭ᠂ ᠡᠶᠢᠮᠦ ᠠᠴᠠ 23 ᠴᠠᠭ ᠠᠴᠠ 3 ᠴᠠᠭ ᠤᠨ ᠬᠤᠭᠤᠷᠣᠨᠳᠤᠬᠢ ᠤᠨᠲᠠᠬᠤ‌ᠨᠤᠶᠢᠷ ᠤᠨ ᠴᠢᠨᠠᠷ ᠪᠤᠯ ᠲᠤᠶᠢᠯ ᠤᠨ ᠴᠢᠬᠤᠯᠠ ᠪᠠᠶᠢᠳᠠᠭ ᠶᠤᠮ᠃ ᠨᠠᠰᠤᠨ ᠳᠤ ᠭᠦᠷᠦᠭᠰᠡᠳ ᠨᠢ 7 ᠠᠴᠠ 8  ᠴᠠᠭ  ᠤᠨᠳᠠᠪᠠᠯ‌ᠵᠤᠬᠢᠨ᠎ᠠ᠂ 6 ᠴᠠᠭ ᠤᠨᠳᠠᠬᠤ ᠨᠢ ᠡᠷᠡᠭᠦᠯ ᠮᠡᠨᠳᠦ ᠶᠢᠨ ᠨᠠᠭᠠᠳᠤ ᠵᠠᠬ᠎ᠠ ᠶᠢᠨ ᠬᠢᠵᠠᠭᠠᠷ  ᠱᠤᠭᠤᠮ  ᠪᠤᠯᠤᠨ᠎ᠠ᠂  ᠬᠠᠮᠤᠭ  ᠤᠷᠳᠤ‌‍ᠳᠠᠭᠠᠨ 9 ᠴᠠᠭ ᠠᠴᠠ ᠬᠡᠲᠦᠷᠡᠵᠦ ᠪᠣᠯᠬᠤ ᠥᠬᠡᠶ᠃ ᠵᠠᠷᠢᠮ ᠰᠤᠳᠤᠯᠭᠠᠨ ᠤ ᠢᠯᠡᠷᠡᠭᠦᠯᠦᠭᠰᠡᠨ ᠢᠶᠠᠷ᠂  6  ᠴᠠᠭ   ᠠᠴᠠ  ᠪᠠᠭ᠎ᠠ‌ᠤᠨᠳᠠᠳᠠᠭ ᠬᠦᠮᠦᠰ ᠪᠠ 9 ᠴᠠᠭ ᠠᠴᠠ ᠲᠡᠭᠡᠭᠰᠢ  ᠤᠨᠳᠠᠳᠠᠭ  ᠬᠦᠮᠦᠰ   ᠢ  6   ᠠᠴᠠ  9  ᠴᠠᠭ  ᠤᠨᠳᠠᠳᠠᠭ  ᠬᠦᠮᠦᠰ ᠲᠠᠢ‌ᠬᠠᠷᠢᠴᠠᠭᠤᠯᠪᠠᠯ ᠵᠢᠷᠦᠬᠡᠨ ᠲᠦᠭᠵᠢᠷᠡᠯ ᠡᠭᠦᠰᠭᠦ ᠲᠦᠭᠰᠢᠭᠦᠷᠢ ᠨᠢ ᠲᠤᠰ ᠲᠤᠰ  20  %  ᠪᠠ  34  % ᠪᠠᠷ  ᠨᠡᠮᠡᠭᠳᠡᠭᠰᠡᠨ‌‍ᠪᠠᠶᠢᠨ᠎ᠡ᠃
 
ᠢᠷᠡᠯᠲᠡ᠄ ᠦᠨᠦᠳᠦᠷ ᠦᠨ ᠳ᠋ᠦᠩ ᠾᠧ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1