ᠨᠢᠭᠡ ᠯᠡ ᠤᠳᠠᠭ᠎ᠠ ᠳᠤ ᠬᠠᠲᠤᠨ ᠭᠤᠣᠯ ᠤᠨ ᠰᠠᠪᠠ ᠭᠠᠵᠠᠷ ᠤᠨ ᠶᠢᠰᠦᠨ ᠮᠤᠵᠢ ᠣᠷᠣᠨ ᠤ ᠠᠮᠲᠠᠲᠤ ᠢᠳᠡᠭᠡᠨ ᠢ | ᠢᠳᠡᠵᠦ᠂ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠯ ᠢ ᠪᠡᠶ᠎ᠡ ᠪᠠᠷ ᠢᠶᠠᠨ ᠥᠩᠭᠡᠷᠡᠭᠦᠯᠵᠦ᠂ ᠬᠠᠲᠤᠨ | ᠭᠤᠤᠯ ᠤᠨ ᠡᠷᠭᠢ ᠳᠠᠭᠠᠤ ᠣᠷᠣᠨ ᠤ ᠥᠪᠡᠷᠮᠢᠴᠡ ᠲᠠᠲᠠᠬᠤ ᠬᠦᠴᠦᠨ ᠲᠠᠢ ᠨᠤᠲᠤᠭ ᠤᠰᠤᠨ ᠤ ᠵᠠᠩ ᠥᠢᠯᠡ ᠶᠢ | ᠰᠣᠨᠢᠷᠬᠠᠨ᠎ᠠ︕ 8 ᠰᠠᠷ᠎ᠠ ᠶᠢᠨ 31 ᠤ ᠡᠳᠦᠷ ᠤᠨ ᠦᠳᠡ ᠶᠢᠨ ᠡᠮᠦᠨ᠎ᠡ᠂ ︽ᠪᠣᠳᠠᠰ ᠤᠨ ᠪᠤᠰᠤ ᠰᠣᠶᠣᠯ ᠤᠨ ᠥᠪ ᠤᠨ | ᠰᠢᠨ᠎ᠡ ᠶᠢ ᠡᠭᠦᠳᠴᠦ ᠳᠤᠮᠳᠠᠳᠤ ᠶᠢᠨ ᠦᠨᠦᠷ ᠠᠮᠲᠠ ᠶᠢ ᠤᠯᠠᠮᠵᠢᠯᠠᠨ ᠵᠠᠯᠭᠠᠮᠵᠢᠯᠠᠬᠤ︾ ᠪᠠᠷ ᠭᠤᠤᠯ ᠰᠡᠳᠦᠪ ᠪᠣᠯᠭᠠᠭᠰᠠᠨ | ᠪᠥᠬᠦ ᠤᠯᠤᠰ ᠤᠨ ᠠᠩᠬᠠᠳᠤᠭᠠᠷ ᠬᠤᠭᠤᠴᠠᠭᠠᠨ ᠤ ᠬᠠᠲᠤᠨ ᠭᠤᠤᠯ ᠤᠨ ᠪᠣᠳᠠᠰ ᠤᠨ ᠪᠤᠰᠤ ᠰᠣᠶᠣᠯ ᠤᠨ ᠥᠪ ᠤᠨ | ᠠᠮᠲᠠᠲᠤ ᠢᠳᠡᠭᠡᠨ ᠤ ᠰᠠᠷ᠎ᠠ ᠪᠤᠭᠤᠲᠤ ᠶᠢᠨ ᠠᠯᠳᠠᠨ ᠵᠡᠭᠡᠯᠢ ᠳᠤ ᠦᠪᠡᠳᠡᠭᠰᠢ ᠶᠡᠭᠡ ᠪᠠᠷ ᠡᠬᠢᠯᠡᠪᠡ᠃ | ᠡᠬᠢᠯᠡᠯᠲᠡ ᠶᠢᠨ ᠶᠣᠰᠣᠯᠠᠯ ᠤᠨ ᠲᠤᠬᠠᠢ ᠶᠢᠨ ᠲᠠᠯᠠᠪᠠᠢ ᠳᠤ᠂ ᠳᠠᠭᠤᠤ ᠪᠥᠵᠢᠭ ᠬᠦᠷ ᠬᠥᠭᠵᠢᠶᠡᠨ ᠢᠶᠠᠷ ᠪᠢᠯᠬᠠᠵᠤ᠂ | ᠬᠥᠮᠦᠨ ᠬᠠᠷ᠎ᠠ ᠦᠢᠮᠡᠯᠳᠦᠨ ᠱᠤᠤᠭᠢᠯᠳᠤᠵᠤ᠂ ᠲᠤᠬᠠᠢ ᠶᠢᠨ ᠲᠠᠯᠠᠪᠠᠢ ᠬᠦᠷ ᠬᠥᠭᠵᠢᠶᠡᠨᠲᠡᠢ᠂ ᠠᠯᠠᠭ᠎ᠠ ᠲᠠᠰᠢᠯᠳᠠ ᠶᠢᠨ | ᠲᠠᠭᠤᠨ ᠨᠢᠵᠢᠭᠢᠨᠡᠵᠦ᠂ ᠠᠭᠤᠷ ᠠᠮᠢᠰᠬᠤᠯ ᠬᠦᠷ ᠬᠥᠭᠵᠢᠶᠡᠨ ᠢᠶᠠᠷ ᠪᠢᠯᠬᠠᠨ᠎ᠠ᠃ | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠤᠨ ᠳᠡᠳ᠋ | ᠳᠠᠷᠤᠭ᠎ᠠ ᠵᠠᠩ ᠸᠧᠨ ᠵᠢᠶᠦ᠋ᠨ᠂ ᠱᠠᠨᠰᠢ ᠮᠤᠵᠢ ᠶᠢᠨ ᠰᠣᠶᠣᠯ ᠵᠢᠭᠤᠯᠴᠢᠯᠠᠯ ᠤᠨ ᠲᠢᠩᠬᠢᠮ ᠤᠨ ᠪᠣᠳᠠᠰ ᠤᠨ ᠪᠤᠰᠤ | ᠰᠣᠶᠣᠯ ᠤᠨ ᠥᠪ ᠤᠨ ᠭᠠᠵᠠᠷ ᠤᠨ ᠳᠠᠷᠤᠭ᠎ᠠ ᠵᠣᠣ ᠶᠠᠨ᠂ ᠪᠤᠭᠤᠲᠤ ᠬᠤᠲᠠ ᠶᠢᠨ ᠨᠠᠮ ᠤᠨ ᠬᠤᠷᠢᠶᠠᠨ ᠤ ᠳᠡᠳ᠋ ᠱᠦᠵᠢ᠂ | ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠦᠵᠢ ᠵᠧᠤ ᠴᠢᠶᠠᠩ᠂ ᠪᠤᠭᠤᠲᠤ ᠬᠤᠲᠠ ᠶᠢᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠢᠭᠡᠳᠦᠭᠡᠷ ᠳᠡᠰ ᠤᠨ ᠲᠣᠭᠤᠷᠢᠨ ᠪᠠᠶᠢᠴᠠᠭᠠᠭᠴᠢ ᠪᠠ | ᠰᠢᠶᠣᠤ ᠸᠧᠨ᠂ ᠪᠤᠭᠤᠲᠤ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠳᠡᠳ᠋ ᠬᠤᠲᠠ ᠶᠢᠨ ᠳᠠᠷᠤᠭ᠎ᠠ ᠵᠠᠩ ᠪᠢᠨ᠂ | ᠪᠤᠭᠤᠲᠤ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠹᠦ᠋ ᠮᠢᠨ᠂ ᠪᠤᠭᠤᠲᠤ ᠬᠤᠲᠠ ᠶᠢᠨ | ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠳᠡᠳ᠋ ᠳᠠᠷᠤᠭ᠎ᠠ᠂ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ | ᠲᠣᠪᠴᠢᠶᠠᠨ ᠤ ᠳᠠᠷᠤᠭ᠎ᠠ ᠭᠦᠸᠧ ᠶᠥᠩ᠂ ᠥᠪᠥᠷ ᠮᠣᠩᠭᠤᠯ ᠤᠨ ᠤᠷᠠᠯᠢᠭ ᠤᠨ ᠰᠤᠳᠤᠯᠭᠠᠨ ᠤ ᠬᠦᠷᠢᠶᠡᠯᠡᠩ ᠤᠨ ᠳᠠᠷᠤᠭ᠎ᠠ | ᠯᠢᠦ ᠰᠢᠶᠣᠤ ᠹᠧᠩ᠂ ᠪᠤᠭᠤᠲᠤ ᠬᠤᠲᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠬᠤᠶᠠᠳᠤᠭᠠᠷ ᠳᠡᠰ ᠤᠨ | ᠪᠠᠶᠢᠴᠠᠭᠠᠨ ᠰᠤᠳᠤᠯᠤᠭᠴᠢ ᠵᠣᠣ ᠴᠢᠶᠣᠤ ᠧ᠂ ᠪᠤᠭᠤᠲᠤ ᠬᠤᠲᠠ ᠶᠢᠨ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ | ᠬᠡᠯᠲᠡᠰ ᠤᠨ ᠳᠡᠳ᠋ ᠳᠠᠷᠤᠭ᠎ᠠ ᠯᠢᠦ ᠰᠢᠶᠠᠨ ᠬᠤᠩ᠂ ᠪᠤᠭᠤᠲᠤ ᠬᠤᠲᠠ ᠶᠢᠨ ᠰᠣᠶᠣᠯ ᠵᠢᠭᠤᠯᠴᠢᠯᠠᠯ ᠤᠨ ᠲᠣᠪᠴᠢᠶᠠᠨ ᠤ | ᠳᠡᠳ᠋ ᠳᠠᠷᠤᠭ᠎ᠠ ᠰᠢᠤᠢ ᠵᠢᠶᠠᠨ ᠵᠢᠶᠦ᠋ᠨ ᠠᠵᠢᠯᠯᠠᠭ᠎ᠠ ᠳᠤ ᠣᠷᠣᠯᠴᠠᠵᠠᠶ᠃ | ᠳ᠋ᠦᠩ ᠾᠧ ᠲᠣᠭᠤᠷᠢᠭ ᠤᠨ ᠬᠤᠷᠢᠶᠠᠨ ᠤ ᠱᠦᠵᠢ ᠸᠠᠩ ᠷᠦᠢ᠂ ᠳ᠋ᠦᠩ ᠾᠧ ᠲᠣᠭᠤᠷᠢᠭ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠸᠠᠩ ᠵᠢᠶᠠᠨ ᠫᠢᠩ᠂ ᠳ᠋ᠦᠩ ᠾᠧ | ᠲᠣᠭᠤᠷᠢᠭ ᠤᠨ ᠤᠯᠤᠰ ᠲᠦᠷᠦ ᠶᠢᠨ ᠵᠥᠪᠯᠡᠯᠭᠡᠨ ᠤ ᠲᠡᠷᠢᠭᠦᠯᠡᠭᠴᠢ ᠪᠠᠢ ᠵᠢᠢ ᠸᠧᠨ ᠵᠢᠴᠢ ᠠᠬ᠎ᠠ ᠳᠡᠭᠦᠦ ᠬᠤᠰᠢᠭᠤ ᠰᠢᠶᠠᠨ | ᠲᠣᠭᠤᠷᠢᠭ ᠤᠨ ᠬᠤᠯᠪᠣᠭᠳᠠᠯ ᠪᠦᠬᠦᠢ ᠤᠳᠤᠷᠢᠳᠤᠯᠭ᠎ᠠ᠂ ᠳ᠋ᠦᠩ ᠾᠧ ᠲᠣᠭᠤᠷᠢᠭ ᠤᠨ ᠲᠦᠷᠪᠡᠨ ᠶᠡᠭᠡ ᠤᠳᠤᠷᠢᠳᠬᠤ | ᠪᠠᠭ ᠤᠨ ᠤᠳᠤᠷᠢᠳᠤᠯᠭ᠎ᠠ ᠠᠵᠢᠯᠯᠠᠭ᠎ᠠ ᠳᠤ ᠣᠷᠣᠯᠴᠠᠵᠠᠢ᠃ | | ᠬᠠᠲᠤᠨ ᠭᠤᠣᠯ ᠮᠤᠷᠤᠯᠵᠠᠨ ᠰᠤᠨᠤᠯᠵᠠᠵᠤ᠂ ᠶᠢᠰᠦᠨ ᠮᠤᠵᠢ ᠣᠷᠣᠨ ᠢ ᠬᠥᠨᠳᠡᠯᠢᠰᠴᠦ᠂ ᠰᠦᠷ ᠳᠠᠯᠠᠶᠢᠴᠠᠲᠠᠢ | ᠳᠣᠷᠣᠨ᠎ᠠ ᠶᠢᠨ ᠤᠷᠤᠰᠬᠠᠯ ᠨᠢ ᠳᠤᠮᠳᠠᠳᠤ ᠶᠢᠨ ᠪᠣᠯᠪᠠᠰᠤᠨ ᠤ ᠥᠯᠥᠭᠡᠢ ᠪᠣᠯᠬᠤ ᠪᠠᠷ ᠪᠠᠷᠠᠬᠤ ᠦᠭᠡᠢ᠂ ᠨᠡᠩ ᠴᠤ | ᠪᠣᠳᠠᠰ ᠤᠨ ᠪᠤᠰᠤ ᠰᠣᠶᠣᠯ ᠤᠨ ᠥᠪ ᠤᠨ ᠲᠥᠪᠯᠡᠷᠡᠭᠰᠡᠨ ᠭᠠᠵᠠᠷ ᠪᠣᠯᠤᠨ᠎ᠠ᠃ ᠡᠷᠭᠢ ᠳᠠᠭᠠᠤ ᠶᠢᠨ ᠶᠢᠰᠦᠨ ᠮᠤᠵᠢ ᠣᠷᠣᠨ᠂ | 33 ᠲᠤᠰᠬᠠᠶ ᠣᠷᠣᠨ ᠤ ᠳᠡᠰ ᠤᠨ ᠬᠤᠲᠠ᠂ ᠥᠪᠡᠷ ᠥᠪᠡᠷ ᠤᠨ ᠬᠡᠪ ᠨᠠᠮᠪᠠ ᠲᠠᠢ᠂ ᠠᠮᠲᠠᠲᠤ ᠢᠳᠡᠭᠡᠨ ᠡᠭᠦᠯᠡ ᠮᠡᠲᠦ᠂ | ᠪᠣᠳᠠᠰ ᠤᠨ ᠪᠤᠰᠤ ᠰᠣᠶᠣᠯ ᠤᠨ ᠥᠪᠬᠠᠷᠠᠭᠠ ᠲᠠᠲᠠᠮ᠎ᠠ ᠰᠠᠶᠢᠬᠠᠨ ᠪᠠᠶᠢᠨ᠎ᠠ᠃ ᠬᠠᠳᠤᠨ ᠭᠤᠤᠯ ᠤᠨ ᠰᠣᠶᠣᠯ᠂ ᠪᠣᠳᠠᠰ ᠤᠨ | ᠪᠤᠰᠤ ᠰᠣᠶᠣᠯ ᠤᠨ ᠥᠪ ᠢ ᠨᠠᠩ ᠰᠠᠶᠢᠨ ᠤᠬᠠᠭᠤᠯᠬᠤ ᠶᠢᠨ ᠲᠥᠯᠥᠭᠡ᠂ ᠣᠷᠣᠨ ᠪᠦᠰᠡ ᠶᠢᠨ ᠶᠡᠭᠡ ᠨᠡᠶᠢᠯᠡᠮᠡᠯ ᠬᠦᠴᠦᠨ᠂ | ᠶᠡᠭᠡ ᠨᠠᠶᠢᠷᠠᠯ ᠳᠠᠭᠤᠤ ᠶᠢ ᠪᠦᠷᠢᠯᠳᠦᠭᠦᠯᠦᠨ᠎ᠡ᠂ ᠲᠣᠰ ᠤᠳᠠᠭᠠᠨ ᠤ ᠠᠵᠢᠯᠯᠠᠭ᠎ᠠ ᠶᠢ ᠰᠣᠶᠣᠯ ᠵᠢᠭᠤᠯᠴᠢᠯᠠᠯ ᠤᠨ ᠶᠠᠮᠤᠨ ᠠᠴᠠ | ᠵᠢᠯᠣᠭᠤᠳᠤᠨ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ᠂ | ᠪᠤᠭᠤᠲᠤ ᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠭᠤᠣᠯᠯᠠᠨ ᠡᠷᠬᠢᠯᠡᠪᠡ᠂ ᠪᠤᠭᠤᠲᠤ ᠬᠤᠲᠠ ᠶᠢᠨ ᠰᠣᠶᠣᠯ | ᠵᠢᠭᠤᠯᠴᠢᠯᠠᠯ ᠷᠠᠳᠢᠣ᠋ ᠲᠧᠯᠸᠢᠰ ᠤᠨ ᠬᠤᠷᠢᠶ᠎ᠠ᠂ ᠳ᠋ᠦᠩ ᠾᠧ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ | ᠳᠠᠭᠠᠭᠠᠴᠢᠯᠠᠨ ᠡᠷᠬᠢᠯᠡᠪᠡ᠂ ᠠᠵᠢᠯᠯᠠᠭ᠎ᠠ ᠨᠢ 8 ᠰᠠᠷ᠎ᠠ ᠶᠢᠨ 31 ᠤ ᠡᠳᠦᠷ ᠠᠴᠠ 9 ᠰᠠᠷ᠎ᠠ ᠶᠢᠨ 30 ᠤ ᠡᠳᠦᠷ ᠪᠣᠯᠲᠠᠯ᠎ᠠ᠂ | ᠭᠤᠴᠢᠨ ᠡᠳᠦᠷ ᠥᠩᠭᠡᠷᠡᠵᠡᠶ᠂ ᠡᠭᠦᠨ ᠳᠤ ᠬᠠᠲᠤᠨ ᠭᠤᠣᠯ ᠤᠨ ᠰᠠᠪᠠ ᠭᠠᠵᠠᠷ ᠤᠨ ᠶᠢᠰᠦᠨ ᠮᠤᠵᠢ ︵ᠬᠥᠬᠡᠨᠠᠭᠤᠷ ᠮᠤᠵᠢ᠂ | ᠰᠧᠴᠤᠸᠠᠨ ᠮᠣᠵᠢ᠂ ᠭᠠᠨᠰᠦ ᠮᠣᠵᠢ᠂ ᠨᠢᠩᠰᠢᠶᠠ ᠶᠢᠨ ᠬᠤᠲᠣᠩ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ᠂ ᠱᠠᠨᠰᠢ ᠮᠣᠵᠢ᠂ ᠱᠠᠨ ᠰᠢ ᠮᠤᠵᠢ᠂ ᠾᠧᠨᠠᠨ ᠮᠤᠵᠢ᠂ ᠱᠠᠨᠳᠦ᠋ᠩ ᠮᠤᠵᠢ︶ | ᠵᠢᠴᠢ ᠣᠨᠴᠠ ᠤᠷᠢᠭᠰᠠᠨ ᠪᠡᠭᠡᠵᠢᠩ ᠬᠤᠲᠠ ᠶᠢᠨ ᠤᠯᠤᠰ ᠤᠨ ᠳᠡᠰ᠂ ᠮᠤᠵᠢ ᠶᠢᠨ ᠲᠡᠰ ᠤᠨ ᠤᠯᠠᠮᠵᠢᠯᠠᠯᠲᠤ ᠤᠷ᠎ᠠ | ᠮᠡᠷᠭᠡᠰᠢᠯ ᠤᠨ ᠲᠥᠷᠥᠯ᠂ ᠤᠯᠠᠮᠵᠢᠯᠠᠯᠲᠤ ᠳᠠᠭᠤᠤ ᠬᠥᠭᠵᠢᠮ᠂ ᠤᠯᠠᠮᠵᠢᠯᠠᠯᠲᠤ ᠪᠥᠵᠢᠭ ᠵᠡᠷᠭᠡ ᠪᠣᠳᠠᠰ ᠤᠨ ᠪᠤᠰᠤ | ᠰᠣᠶᠣᠯ ᠤᠨ ᠥᠪ ᠤᠨ ᠬᠤᠳᠠᠯᠳᠤᠭᠠᠴᠢᠨ᠂ ᠰᠣᠶᠣᠯ ᠤᠨ ᠡᠭᠦᠳᠦᠯᠲᠡ ᠶᠢᠨ ᠠᠵᠤ ᠠᠬᠤᠶᠢᠯᠠᠯ ᠵᠢᠴᠢ ᠪᠣᠳᠠᠰ ᠤᠨ ᠪᠤᠰᠤ | ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠶ ᠤᠯᠠᠮᠵᠢᠯᠠᠭᠴᠢ ᠬᠤᠶᠠᠷ ᠵᠠᠭᠤ ᠭᠠᠷᠤᠶ ᠬᠥᠮᠦᠨ ᠠᠵᠢᠯᠯᠠᠭ᠎ᠠ ᠳᠤ | ᠣᠷᠣᠯᠴᠠᠵᠠᠶ᠂ ᠵᠠᠭᠤ ᠭᠠᠷᠤᠢ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠢ ᠪᠤᠭᠤᠲᠤ ᠶᠢᠨ ᠠᠯᠳᠠᠨ | ᠵᠡᠭᠡᠯᠢ ᠳᠤ ᠳᠡᠯᠭᠡᠨ ᠦᠵᠡᠭᠦᠯᠪᠡ᠂ ᠬᠠᠳᠤᠨ ᠭᠤᠤᠯ ᠤᠨ ᠦᠯᠢᠭᠡᠷ ᠢ ᠬᠠᠮᠲᠤ ᠪᠠᠷ ᠰᠠᠶᠢᠲᠤᠷ ᠶᠠᠷᠢᠵᠤ᠂ ᠲᠡᠦᠬᠡ ᠶᠢᠨ | ᠰᠤᠳᠠᠰᠤ ᠶᠢ ᠵᠠᠯᠭᠠᠮᠵᠢᠯᠠᠶ᠎ᠠ᠃ | | ᠪᠦᠬᠦ᠋ᠢᠯᠡ ᠠᠵᠢᠯᠯᠠᠭ᠎ᠠ ᠨᠢ ︽1 + 5 + N︾ ᠳᠡᠯᠭᠡᠨ ᠦᠵᠡᠭᠦᠯᠬᠦ ᠵᠠᠭᠪᠤᠷ ᠢ ᠨᠠᠷᠢᠯᠢᠭ ᠲᠥᠰᠦᠪᠯᠡᠵᠦ᠂ | ᠠᠯᠲᠠᠨ ᠵᠡᠭᠡᠯᠢ ᠶᠢᠨ ᠠᠮᠲᠠᠲᠤ ᠢᠳᠡᠭᠡᠨ ᠤ ᠵᠢᠭᠤᠯᠴᠢᠯᠠᠯ ᠤᠨ ᠬᠥᠳᠡᠯᠭᠡᠬᠦ ᠱᠤᠭᠤᠮ ᠢᠶᠠᠷ᠂ ︽ᠬᠡᠯᠡᠨ ᠤ ᠦᠵᠦᠭᠦᠷ᠂ ᠤᠷᠠᠨ | ᠮᠡᠷᠭᠡᠵᠢᠯ᠂ ᠨᠢᠳᠦ ᠪᠠᠶᠠᠰᠬᠠᠬᠤ᠂ ᠠᠶᠠᠯᠭᠤ᠂ ᠠᠮᠢᠳᠤᠯᠢᠭ︾ ᠲᠠᠪᠤᠨ ᠶᠡᠭᠡ ᠪᠣᠳᠠᠰ ᠤᠨ ᠪᠤᠰᠤ ᠰᠣᠶᠣᠯ ᠤᠨ ᠥᠪ ᠤᠨ | ᠭᠤᠤᠯ ᠰᠡᠳᠦᠪᠲᠦ ᠬᠡᠰᠡᠭ ᠢ ᠬᠤᠯᠪᠣᠵᠤ᠂ ᠲᠠᠪᠤᠨ ᠨᠢᠭᠡ ᠥᠷᠲᠡᠭᠡ ᠮᠠᠶ᠋ᠢᠭ ᠤᠨ ᠬᠢᠯᠠᠰ ᠴᠡᠭ ᠢᠶᠠᠷ ᠬᠠᠷᠢᠯᠴᠠᠨ | ᠬᠥᠳᠡᠯᠦᠯᠴᠡᠵᠦ ᠺᠠᠷᠲ ᠴᠣᠬᠢᠬᠤ ᠣᠷᠣᠨ ᠢ ᠪᠠᠭᠲᠠᠭᠠᠵᠤ᠂ N ᠪᠣᠳᠠᠰ ᠤᠨ ᠪᠤᠰᠤ ᠰᠣᠶᠣᠯ ᠤᠨ ᠥᠪ ᠤᠨ ᠣᠨᠴᠠᠯᠢᠭᠲᠤ | ᠠᠵᠢᠯᠯᠠᠭ᠎ᠠ ᠶᠢ ᠠᠭᠤᠰᠤᠯᠴᠠᠭᠤᠯᠵᠤ᠂ ᠵᠢᠭᠤᠯᠴᠢᠯᠠᠭᠴᠢᠳ ᠲᠤ ᠠᠮᠲᠠᠲᠤ ᠢᠳᠡᠭᠡᠨ ᠢ ᠠᠮᠲᠠᠯᠠᠭᠤᠯᠬᠤ ᠶᠢᠨ ᠬᠠᠮᠲᠤ ᠪᠠᠰᠠ | ᠪᠣᠳᠠᠰ ᠤᠨ ᠪᠤᠰᠤ ᠰᠣᠶᠣᠯ ᠤᠨ ᠥᠪ ᠤᠨ ᠥᠪᠡᠷᠮᠢᠴᠡ ᠷᠢᠳᠢ ᠰᠢᠳᠢ ᠶᠢ ᠭᠦᠨᠵᠡᠭᠡᠶ ᠪᠡᠶᠡᠴᠢᠯᠡᠨ ᠣᠶᠢᠯᠠᠭᠠᠭᠤᠯᠵᠠᠶ᠃ | | ᠠᠵᠢᠯᠯᠠᠭᠠᠨ ᠤ ᠲᠤᠬᠠᠢ ᠶᠢᠨ ᠲᠠᠯᠠᠪᠠᠢ ᠳᠤ ᠬᠥᠮᠦᠰ ᠦᠢᠮᠡᠯᠳᠦᠨ ᠱᠤᠤᠭᠢᠯᠳᠤᠵᠤ ᠪᠠᠶᠢᠯ᠎ᠠ᠃ ᠪᠤᠭᠤᠲᠤ ᠶᠢᠨ ᠠᠯᠳᠠᠨ | ᠵᠡᠭᠡᠯᠢ ᠶᠢᠨ ︽ᠬᠡᠯᠡᠨ ᠤ ᠦᠵᠦᠭᠦᠷ᠂ ᠪᠣᠳᠠᠰ ᠤᠨ ᠪᠤᠰᠤ ᠰᠣᠶᠣᠯ ᠤᠨ ᠥᠪ︾ ᠤᠨ ᠠᠮᠲᠠᠲᠤ ᠢᠳᠡᠭᠡᠨ ᠤ ᠲᠣᠭᠤᠷᠢᠭ ᠲᠤ | ᠣᠷᠣᠪᠠᠯ᠂ ᠡᠯ᠎ᠡ ᠭᠠᠵᠠᠷ ᠠᠴᠠ ᠬᠦᠷᠦᠯᠴᠡᠨ ᠢᠷᠡᠭᠰᠡᠨ ᠪᠣᠳᠠᠰ ᠤᠨ ᠪᠤᠰᠤ ᠰᠣᠶᠣᠯ ᠤᠨ ᠥᠪ ᠤᠨ ᠠᠮᠲᠠᠲᠤ ᠢᠳᠡᠭᠡᠨ ᠤ | ᠤᠯᠠᠮᠵᠢᠯᠠᠨ ᠵᠠᠯᠭᠠᠮᠵᠢᠯᠠᠭᠴᠢᠳ ᠥᠪᠡᠷ ᠤᠨ ᠠᠪᠢᠶᠠᠰ ᠴᠢᠳᠠᠪᠤᠷᠢ ᠪᠠᠨ ᠭᠠᠶᠢᠬᠠᠭᠤᠯᠵᠤ᠂ ᠰᠧᠴᠤᠸᠠᠨ ᠤ ᠭᠤᠱᠤᠭᠤᠨ | ᠬᠠᠯᠠᠭᠤᠨ ᠲᠣᠭᠤᠭ᠎ᠠ ᠠᠴᠠ ᠱᠠᠨᠰᠢ ᠶᠢᠨ ᠲᠣᠰᠣᠨ ᠳᠤ ᠪᠤᠴᠠᠯᠭᠠᠭᠰᠠᠨ ᠭᠤᠯᠢᠷ ᠬᠦᠷᠲᠡᠯ᠎ᠡ᠂ ᠱᠠᠨᠳᠦ᠋ᠩ ᠤᠨ ᠬᠠᠭᠠᠷᠢᠭᠰᠠᠨ | ᠪᠤᠤᠪᠤ ᠵᠢᠮᠢᠰ ᠠᠴᠠ ᠥᠪᠥᠷ ᠮᠣᠩᠭᠤᠯ ᠤᠨ ᠴᠢᠨᠠᠭᠰᠠᠨ ᠮᠢᠬ᠎ᠠ ᠬᠦᠷᠲᠡᠯ᠎ᠡ᠂ ᠢᠳᠡᠭᠡᠨ ᠪᠣᠯᠭᠠᠨ ᠳᠤ ᠴᠥᠮ ᠣᠷᠣᠨ | ᠨᠤᠲᠤᠭ ᠤᠨ ᠰᠣᠶᠣᠯ ᠤᠨ ᠣᠬᠢ ᠰᠣᠳᠣ ᠶᠢ ᠠᠭᠤᠯᠵᠤ᠂ ᠲᠡᠳᠡᠭᠡᠷ ᠣᠨ ᠵᠢᠯ ᠤᠨ ᠤᠬᠢᠶᠠᠯ ᠢ ᠥᠩᠭᠡᠷᠡᠭᠦᠯᠦᠭᠰᠡᠨ ᠪᠣᠯᠪᠠᠴᠤ | ᠮᠥᠨ ᠯᠡ ᠭᠡᠷᠡᠯ ᠰᠠᠴᠤᠷᠠᠩᠭᠤᠶ ᠤᠯᠠᠮᠵᠢᠯᠠᠯᠲᠤ ᠠᠮᠲᠠᠲᠤ ᠢᠳᠡᠭᠡᠨ ᠤ ᠤᠷ᠎ᠠ ᠮᠡᠷᠭᠡᠵᠢᠯ ᠢ ᠳᠡᠯᠭᠡᠨ ᠦᠵᠡᠭᠦᠯᠵᠦ᠂ ᠠᠯᠬᠤᠮ | ᠪᠦᠷᠢ ᠳᠤᠨᠢ ᠴᠥᠮ ᠤᠯᠠᠮᠵᠢᠯᠠᠯᠲᠤ ᠬᠦᠨᠳᠦᠳᠬᠡᠯ ᠪᠠ ᠬᠠᠶᠢᠷ᠎ᠠ ᠰᠡᠳᠬᠢᠯᠭᠡ ᠰᠢᠩᠭᠡᠵᠦ᠂ ᠵᠢᠭᠤᠯᠴᠢᠯᠠᠭᠴᠢᠳ ᠲᠡᠳᠡᠨ ᠤ | ᠳᠤᠮᠳᠠᠭᠤᠷ ᠲᠡᠨᠦᠵᠦ᠂ ᠵᠠᠷᠢᠮ ᠨᠢ ᠠᠮᠲᠠᠲᠤ ᠢᠳᠡᠭᠡᠨ ᠢ ᠲᠡᠰᠬᠡᠯ ᠥᠬᠡᠶ ᠠᠮᠲᠠᠯᠠᠵᠤ᠂ ᠰᠡᠳᠬᠢᠯ ᠬᠠᠨᠤᠮᠵᠢᠲᠠᠶ ᠮᠠᠭᠲᠠᠭᠠᠯ | ᠰᠠᠶᠢᠰᠢᠶᠠᠯ ᠢᠶᠠᠨ ᠢᠯᠡᠳᠬᠡᠵᠦ ᠪᠠᠶᠢᠯ᠎ᠠ᠃ ᠵᠠᠷᠢᠮ ᠨᠢ ᠤᠯᠠᠮᠵᠢᠯᠠᠭᠴᠢ ᠶᠢᠨ ᠥᠢᠯᠡᠳᠬᠦ ᠶᠠᠪᠤᠴᠠ ᠶᠢ ᠨᠠᠮ ᠵᠢᠮ ᠬᠠᠷᠠᠵᠤ᠂ | ᠴᠢᠷᠠᠶ ᠳᠤᠨᠢ ᠪᠠᠶᠠᠷ ᠪᠠᠭ᠋ᠠᠳᠤᠯ ᠪᠠ ᠪᠢᠰᠢᠷᠡᠯ ᠬᠦᠨᠳᠦᠳᠬᠡᠯ ᠤᠨ ᠢᠨᠢᠶᠡᠮᠰᠦᠭᠯᠡᠯ ᠲᠣᠳᠣᠷᠠᠨ᠎ᠠ᠃ | | ︽ᠡᠨᠡ ᠪᠣᠯ ᠮᠢᠨᠦ ᠠᠩᠬ᠎ᠠ ᠤᠳᠠᠭ᠎ᠠ ᠢᠮᠦ ᠬᠥᠳᠡᠯᠭᠡᠭᠡᠨ ᠳᠤ ᠣᠷᠣᠯᠴᠠᠵᠤ ᠪᠠᠶᠢᠨ᠎ᠠ᠂ ᠦᠨᠡᠬᠡᠷ ᠬᠥᠮᠦᠨ ᠢ | ᠰᠣᠴᠢᠭᠠᠮ᠎ᠠ︕ ᠤᠯᠠᠭᠠᠨᠴᠠᠪ ᠠᠴᠠ ᠢᠷᠡᠭᠰᠡᠨ ᠨᠢᠭᠡᠨ ᠵᠢᠭᠤᠯᠴᠢᠯᠠᠭᠴᠢ ᠮᠧᠩ ᠳ᠋ᠦᠩ ᠮᠢᠩ ᠰᠡᠳᠬᠢᠯ ᠳᠣᠭᠳᠣᠯᠤᠨ᠄ ︽ | ᠪᠢ ᠬᠡᠳᠦᠨ ᠵᠥᠢᠯ ᠤᠨ ᠪᠣᠳᠠᠰ ᠤᠨ ᠪᠤᠰᠤ ᠰᠣᠶᠣᠯ ᠤᠨ ᠥᠪ ᠤᠨ ᠠᠮᠲᠠᠲᠤ ᠢᠳᠡᠭᠡᠨ ᠢ ᠠᠮᠲᠠᠯᠠᠭᠰᠠᠨ᠂ ᠵᠥᠢᠯ ᠪᠦᠷᠢ ᠨᠢ | ᠴᠥᠮ ᠲᠡᠭᠦᠨ ᠤ ᠥᠪᠡᠷᠮᠢᠴᠡ ᠣᠨᠴᠠᠯᠢᠭ ᠪᠠ ᠥᠯᠢᠭᠡᠷ ᠲᠠᠢ ᠪᠠᠶᠢᠵᠤ᠂ ᠨᠠᠳᠠ ᠳᠤ ᠠᠳᠠᠯᠢ ᠪᠤᠰᠤ ᠪᠣᠳᠠᠰ ᠤᠨ ᠪᠤᠰᠤ | ᠰᠣᠶᠣᠯ ᠤᠨ ᠥᠪ ᠤᠨ ᠲᠤᠬᠠᠶ ᠨᠠᠩ ᠭᠦᠨᠵᠡᠭᠡᠶ ᠣᠶᠢᠯᠠᠭᠠᠯᠲᠠ ᠪᠠ ᠲᠠᠨᠢᠯᠲᠠ ᠲᠠᠢ ᠪᠣᠯᠭᠠᠵᠠᠶ︾ ᠭᠡᠪᠡ᠃ | | ︽ᠠᠶᠠᠯᠭᠤ᠂ ᠪᠣᠳᠠᠰ ᠤᠨ ᠪᠤᠰᠤ ᠰᠣᠶᠣᠯ ᠤᠨ ᠥᠪ︾ ᠤᠨ ᠲᠣᠭᠯᠠᠯᠲᠠ ᠶᠢᠨ ᠲᠣᠭᠤᠷᠢᠭ ᠲᠤ᠂ ᠪᠤᠭᠤᠲᠤ | ᠬᠤᠳᠠ ᠶᠢᠨ ᠥᠪᠡᠷᠮᠢᠴᠡ ᠣᠨᠴᠠᠯᠢᠭ ᠲᠠᠢ ᠤᠯᠠᠮᠵᠢᠯᠠᠯᠲᠤ ᠲᠣᠭᠯᠠᠯᠲᠠ ᠶᠢᠨ ᠡᠩᠨᠡᠭᠡ᠂ ᠲᠠᠪᠴᠠᠩ᠂ ᠵᠡᠭᠡᠯᠢ ᠪᠠᠷ ᠲᠣᠭᠤᠷᠢᠨ | ᠵᠤᠭᠠᠴᠠᠬᠤ ᠵᠡᠷᠭᠡ ᠠᠷᠭ᠎ᠠ ᠬᠡᠯᠪᠡᠷᠢ ᠪᠠᠷ ᠪᠠᠶᠠᠯᠢᠭ ᠰᠠᠶᠢᠬᠠᠨ ᠲᠣᠭᠯᠠᠯᠲᠠ ᠭᠠᠷᠭᠠᠵᠤ᠂ ᠵᠤᠭᠠᠴᠠᠭᠰᠠᠳ ᠠᠮᠲᠠᠲᠤ ᠢᠳᠡᠭᠡᠨ ᠢ | ᠠᠮᠲᠠᠯᠠᠬᠤ ᠶᠢᠨ ᠬᠠᠮᠲᠤ᠂ ᠤᠯᠠᠮᠵᠢᠯᠠᠯᠲᠤ ᠪᠣᠳᠠᠰ ᠤᠨ ᠪᠤᠰᠤ ᠰᠣᠶᠣᠯ ᠤᠨ ᠥᠪ ᠤᠨ ᠳᠠᠭᠤᠤ ᠬᠥᠭᠵᠢᠮ ᠪᠣᠯᠤᠨ ᠬᠠᠳᠤᠨ | ᠭᠤᠣᠯ ᠤᠨ ᠰᠠᠪᠠ ᠭᠠᠵᠠᠷ ᠤᠨ ᠰᠣᠶᠣᠯ ᠤᠨ ᠰᠣᠯᠢᠯᠴᠠᠭᠠᠨ ᠤ ᠥᠳᠬᠡᠨ ᠵᠤᠵᠠᠭᠠᠨ ᠠᠭᠤᠷ ᠠᠮᠢᠰᠬᠤᠯ ᠳᠤ ᠰᠣᠭᠲᠣᠭᠤᠷᠠᠨ᠎ᠠ | ᠃ ︽ᠨᠢᠭᠡ ᠲᠠᠯ᠎ᠠ ᠪᠠᠷ ᠠᠮᠲᠠᠲᠤ ᠢᠳᠡᠭᠡᠨ ᠢᠳᠡᠵᠦ᠂ ᠨᠢᠭᠡ ᠲᠠᠯ᠎ᠠ ᠪᠠᠷ ᠭᠤᠶᠤ ᠰᠠᠶᠢᠬᠠᠨ ᠲᠣᠭᠯᠠᠯᠲᠠ ᠶᠢ ᠰᠣᠨᠢᠷᠬᠠᠵᠤ᠂ | ᠡᠶᠢᠮᠦ ᠲᠥᠷᠥᠭᠳᠡᠯ ᠨᠢ ᠲᠤᠩ ᠭᠤᠶᠤ᠂ ᠶᠠᠭ ᠡᠷᠲᠡᠨ ᠤ ᠬᠥᠷ ᠨᠠᠷᠭᠢᠶᠠᠨ ᠲᠠᠢ ᠵᠠᠬ᠎ᠠ ᠳᠡᠯᠭᠡᠭᠦᠷ ᠲᠤ ᠬᠦᠷᠦᠭᠰᠡᠨ ᠰᠢᠭ︾ | ᠭᠡᠵᠦ ᠨᠢᠭᠡᠨ ᠵᠤᠭᠠᠴᠠᠭᠴᠢ ᠰᠣᠭᠲᠣᠭᠤᠷᠠᠨ ᠬᠡᠯᠡᠵᠦ ᠪᠠᠶᠢᠯ᠎ᠠ᠃ | | ︽ᠤᠷᠠᠨ ᠮᠡᠷᠭᠡᠵᠢᠯ᠂ ᠪᠣᠳᠠᠰ ᠤᠨ ᠪᠤᠰᠤ ᠰᠣᠶᠣᠯ ᠤᠨ ᠥᠪ︾ ᠢ ᠪᠡᠶᠡᠴᠢᠯᠡᠨ ᠣᠶᠢᠯᠠᠭᠠᠬᠤ ᠲᠣᠭᠤᠷᠢᠭ ᠲᠤ | ᠬᠦᠷᠴᠦ ᠢᠷᠡᠬᠦ ᠳᠤ᠂ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠶ ᠤᠯᠠᠮᠵᠢᠯᠠᠨ ᠵᠠᠯᠭᠠᠮᠵᠢᠯᠠᠭᠴᠢ ᠶᠢᠨ | ᠭᠠᠷ ᠲᠠᠬᠢ ᠵᠡᠭᠦᠦ ᠤᠲᠠᠰᠤ ᠪᠥᠰ ᠢᠶᠠᠷ ᠰᠦᠯᠵᠢᠵᠦ᠂ ᠨᠠᠷᠢᠯᠢᠭ ᠰᠠᠶᠢᠬᠠᠨ ᠬᠡ ᠤᠭᠠᠯᠵᠠ ᠶᠢ ᠤᠷᠠᠯᠠᠨ ᠪᠦᠲᠦᠭᠡᠵᠦ᠂ | ᠵᠢᠭᠤᠯᠴᠢᠯᠠᠭᠴᠢᠳ ᠲᠡᠷᠡ ᠳᠠᠷᠤᠶ ᠳᠤᠨᠢ ᠨᠠᠷᠢᠯᠢᠭ ᠰᠠᠶᠢᠬᠠᠨ ᠤᠯᠠᠮᠵᠢᠯᠠᠯᠲᠤ ᠭᠠᠷ ᠤᠷᠠᠯᠠᠯ ᠤᠨ ᠪᠦᠲᠦᠭᠡᠭᠳᠡᠬᠦᠨ ᠳᠤ | ᠲᠠᠲᠠᠭᠳᠠᠪᠠ᠃ ᠠᠳᠡ᠂ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ | ᠵᠤᠭᠠᠴᠠᠭᠰᠠᠳ ᠲᠠᠢ ᠨᠢᠭᠤᠷᠳᠠᠨ ᠶᠠᠷᠢᠯᠴᠠᠵᠤ᠂ ᠲᠤᠬᠠᠢ ᠶᠢᠨ ᠲᠠᠯᠠᠪᠠᠢ ᠳᠤ ᠬᠢᠴᠢᠶᠡᠯ ᠣᠷᠣᠵᠤ᠂ ᠤᠯᠠᠮᠵᠢᠯᠠᠨ ᠰᠤᠷᠴᠤ᠂ | ᠴᠠᠭᠠᠰᠤᠨ ᠬᠠᠶᠢᠴᠢᠯᠠᠮᠠᠯ᠂ ᠬᠠᠳᠬᠤᠮᠠᠯ ᠠᠴᠠ ᠰᠡᠶᠢᠯᠦᠮᠡᠯ ᠪᠣᠯᠤᠨ ᠵᠢᠷᠤᠭ ᠵᠢᠷᠤᠬᠤ ᠬᠦᠷᠲᠡᠯ᠎ᠡ᠂ ᠤᠷ᠎ᠠ ᠮᠡᠷᠭᠡᠵᠢᠯ | ᠨᠢᠭᠡᠪᠦᠷᠢ ᠨᠢ ᠴᠥᠮ ᠭᠦᠨ ᠵᠤᠵᠠᠭᠠᠨ ᠰᠣᠶᠣᠯ ᠤᠨ ᠠᠭᠤᠯᠤᠭᠳᠠᠬᠤᠨ ᠪᠣᠯᠤᠨ ᠲᠡᠦᠬᠡ ᠶᠢᠨ ᠦᠯᠢᠭᠡᠷ ᠢ ᠠᠴᠢᠶᠠᠯᠠᠵᠤ | ᠪᠠᠶᠢᠳᠠᠭ᠃ | | ︽ᠬᠠᠷᠠᠭ᠎ᠠ ᠪᠠᠶᠠᠰᠬᠠᠮ᠎ᠠ᠂ ᠪᠣᠳᠠᠰ ᠤᠨ ᠪᠤᠰᠤ ᠰᠣᠶᠣᠯ ᠤᠨ ᠥᠪ︾ ᠤᠨ ᠴᠤᠭᠯᠠᠭ᠎ᠠ ᠮᠠᠶᠢᠮᠠᠢ ᠶᠢᠨ ᠲᠣᠭᠤᠷᠢᠭ ᠲᠤ | ᠰᠢᠯᠵᠢᠪᠡᠯ᠂ ᠪᠣᠳᠠᠰ ᠤᠨ ᠪᠤᠰᠤ ᠰᠣᠶᠣᠯ ᠤᠨ ᠥᠪ ᠤᠨ ᠪᠦᠲᠦᠭᠡᠯᠴᠢ ᠦᠢᠯᠡᠳᠬᠦᠨ ᠬᠠᠷᠠᠭ᠎ᠠ ᠪᠤᠯᠢᠶᠠᠮ᠎ᠠ ᠬᠠᠷᠠᠭᠳᠠᠨ᠎ᠠ᠂ | ᠨᠠᠷᠢᠯᠢᠭ ᠬᠠᠶᠢᠴᠢᠯᠠᠮᠠᠯ ᠠᠴᠠ ᠨᠠᠷᠢᠯᠢᠭ ᠬᠠᠳᠬᠤᠮᠠᠯ ᠬᠦᠷᠲᠡᠯ᠎ᠡ᠂ ᠡᠷᠲᠡᠨ ᠤ ᠸᠠᠭᠠᠷ ᠰᠠᠪᠠ ᠠᠴᠠ ᠤᠳᠤ ᠦᠶ᠎ᠡ ᠶᠢᠨ ᠵᠢᠷᠤᠭ | ᠲᠥᠯᠥᠪᠯᠡᠭᠡ ᠶᠢᠨ ᠪᠦᠲᠦᠭᠡᠯᠴᠢ ᠰᠣᠶᠣᠯ ᠤᠨ ᠪᠦᠲᠦᠭᠡᠭᠳᠡᠬᠦᠨ ᠬᠦᠷᠲᠡᠯ᠎ᠡ᠂ ᠪᠦᠲᠦᠭᠡᠯ ᠨᠢᠭᠡᠪᠦᠷᠢ ᠨᠢ ᠴᠥᠮ ᠪᠣᠳᠠᠰ ᠤᠨ | ᠪᠤᠰᠤ ᠰᠣᠶᠣᠯ ᠤᠨ ᠥᠪ ᠤᠨ ᠰᠣᠶᠣᠯ ᠪᠣᠯᠤᠨ ᠤᠳᠤ ᠦᠶ᠎ᠡ ᠶᠢᠨ ᠭᠤᠸ᠎ᠠ ᠲᠠᠭᠠᠰᠢᠶᠠᠯ ᠤᠨ ᠲᠡᠭᠦᠰ ᠰᠠᠶᠢᠬᠠᠨ ᠥᠢᠯᠡᠳᠦᠯ | ᠪᠣᠯᠤᠨ᠎ᠠ᠂ ᠵᠤᠭᠠᠴᠠᠭᠰᠠᠳ ᠡᠯ᠎ᠡ ᠳᠡᠯᠭᠡᠴᠡ ᠶᠢᠨ ᠡᠮᠦᠨ᠎ᠡ ᠵᠣᠭᠰᠣᠨ ᠰᠣᠨᠢᠷᠬᠠᠵᠤ᠂ ᠥᠪᠡᠷ ᠤᠨ ᠪᠠᠭ᠋ᠠᠷᠬᠠᠳᠠᠭ ᠰᠣᠶᠣᠯ ᠤᠨ | ᠡᠭᠦᠳᠦᠯᠲᠡ ᠶᠢᠨ ᠪᠦᠲᠦᠭᠡᠭᠳᠡᠬᠦᠨ ᠢᠶᠠᠨ ᠰᠢᠯᠢᠨ ᠰᠣᠩᠭᠤᠵᠤ᠂ ᠶᠠᠭ ᠯᠠ ᠲᠡᠦᠬᠡ ᠶᠢᠨ ᠶᠠᠷᠢᠯᠴᠠᠭ᠎ᠠ᠂ ᠰᠣᠶᠣᠯ ᠲᠠᠢ | ᠬᠠᠷᠢᠯᠴᠠᠨ ᠬᠦᠷᠢᠶᠡᠯᠡᠭᠳᠡᠵᠦ ᠪᠠᠶᠢᠭ᠎ᠠ ᠮᠡᠲᠦ ᠪᠤᠯᠭᠠᠵᠠᠢ᠃ | | ᠬᠤᠯᠠ ᠥᠬᠡᠶ ᠭᠠᠵᠠᠷ ᠲᠤ᠂ ︽ᠠᠮᠢᠳᠤᠯᠢᠭ᠂ ᠪᠣᠳᠠᠰ ᠤᠨ ᠪᠤᠰᠤ ᠰᠣᠶᠣᠯ ᠤᠨ ᠥᠪ︾ ᠤᠨ ᠴᠠᠶ ᠶᠢᠨ ᠰᠣᠶᠣᠯ ᠤᠨ | ᠣᠷᠣᠨ ᠨᠢ ᠦᠶ ᠣᠯᠠᠨ ᠵᠤᠭᠠᠴᠠᠭᠰᠠᠳ ᠲᠤ ᠪᠡᠶᠡᠴᠢᠯᠡᠨ ᠣᠶᠢᠯᠠᠭᠠᠬᠤ ᠭᠠᠵᠠᠷ᠂ ᠲᠦᠮᠡᠨ ᠭᠠᠵᠠᠷ ᠤᠨ ᠴᠠᠶ ᠶᠢᠨ ᠰᠣᠶᠣᠯ᠂ | ᠴᠠᠶ ᠬᠢᠬᠦ ᠤᠷ᠎ᠠ ᠮᠡᠷᠭᠡᠵᠢᠯ ᠵᠢᠴᠢ ᠴᠠᠶ ᠶᠢᠨ ᠰᠣᠶᠣᠯ ᠤᠨ ᠬᠠᠮᠢᠶ᠎ᠠ ᠪᠥᠬᠦᠶ ᠵᠠᠩ ᠵᠠᠩᠰᠢᠯ ᠢ ᠠᠳᠡ ᠲᠦᠭᠡᠮᠡᠯᠵᠢᠭᠦᠯᠵᠡᠶ᠂ ᠡᠨᠡ | ᠬᠦ ᠨᠠᠮ ᠵᠢᠮ ᠭᠠᠷᠠᠮ ᠪᠤᠯᠤᠩ ᠳᠤ᠂ ᠴᠠᠶ ᠶᠢᠨ ᠤᠷᠠᠯᠢᠭᠴᠢᠨ ᠴᠠᠶ ᠴᠢᠨᠠᠬᠤ ᠤᠷ᠎ᠠ ᠮᠡᠷᠭᠡᠵᠢᠯ ᠢ ᠭᠤᠶᠢᠳᠠ ᠰᠠᠶᠢᠬᠠᠨ ᠳᠡᠯᠭᠡᠨ | ᠦᠵᠡᠭᠦᠯᠵᠦ᠂ ᠴᠠᠶ ᠶᠢᠨ ᠠᠩᠬᠢᠯᠤᠮ᠎ᠠ ᠦᠨᠦᠷ ᠢ ᠬᠥᠮᠦᠰ ᠲᠤ ᠡᠷᠲᠡᠨ ᠤ ᠴᠠᠶ ᠶᠢᠨ ᠵᠠᠮ ᠤᠨ ᠶᠢᠷᠲᠢᠨᠴᠦ ᠳᠤ ᠲᠠᠯᠪᠢᠭᠰᠠᠨ | ᠮᠡᠲᠦ ᠪᠣᠯᠭᠠᠵᠤ᠂ ᠵᠢᠭᠤᠯᠴᠢᠳ ᠴᠠᠶ ᠶᠢᠨ ᠰᠢᠷᠡᠭᠡᠨ ᠤ ᠡᠮᠦᠨ᠎ᠡ ᠲᠣᠭᠤᠷᠢᠨ ᠰᠠᠭᠤᠵᠤ᠂ ᠴᠠᠶ ᠶᠢᠨ ᠠᠩᠬᠢᠯᠤᠮ᠎ᠠ ᠦᠨᠦᠷ ᠢ | ᠨᠠᠮ ᠵᠢᠮ ᠠᠮᠲᠠᠯᠠᠭᠤᠯᠵᠤ᠂ ᠴᠠᠶ ᠶᠢᠨ ᠰᠣᠶᠣᠯ ᠤᠨ ᠥᠷᠭᠡᠨ ᠳᠡᠯᠭᠡᠷ ᠭᠦᠨ ᠭᠦᠨᠵᠡᠭᠡᠶ ᠶᠢ ᠮᠡᠳᠡᠷᠡᠭᠦᠯᠵᠦ ᠪᠠᠶᠢᠨ᠎ᠠ᠃ | | ᠪᠣᠳᠠᠰ ᠤᠨ ᠪᠤᠰᠤ ᠰᠣᠶᠣᠯ ᠤᠨ ᠥᠪ ᠤᠨ ᠠᠮᠲᠠᠲᠤ ᠢᠳᠡᠭᠡᠨ ᠤ ᠰᠠᠷ᠎ᠠ ᠶᠢᠨ ᠬᠥᠰᠢᠭᠡ ᠶᠢᠨ ᠦᠪᠡᠳᠡᠭᠰᠢ ᠶᠡᠭᠡ ᠪᠠᠷ | ᠡᠬᠢᠯᠡᠬᠦ ᠶᠢ ᠳᠠᠭᠠᠯᠳᠤᠨ᠂ ᠢᠷᠡᠭᠡᠳᠦᠶ ᠶᠢᠨ ᠨᠢᠭᠡ ᠰᠠᠷ᠎ᠠ ᠳᠤ᠂ ᠠᠳᠡᠬᠢ ᠨᠢ ᠪᠣᠳᠠᠰ ᠤᠨ ᠪᠤᠰᠤ ᠰᠣᠶᠣᠯ ᠤᠨ ᠥᠪ ᠪᠣᠯᠤᠨ | ᠣᠲᠣ ᠦᠶ᠎ᠡ ᠶᠢᠨ ᠠᠮᠢᠳᠤᠷᠠᠯ ᠤᠨ ᠠᠭᠤᠰᠤᠯᠴᠠᠯ ᠤᠨ ᠬᠥᠭᠦᠷᠭᠡ ᠪᠣᠯᠵᠣ᠂ ᠵᠤᠭᠠᠴᠠᠭᠰᠠᠳ ᠨᠢᠭᠡᠪᠦᠷᠢ ᠳᠤ ᠴᠥᠮ ᠰᠡᠳᠬᠢᠯ | ᠬᠥᠳᠡᠯᠭᠡᠮ᠎ᠡ ᠪᠣᠳᠠᠰ ᠤᠨ ᠪᠤᠰᠤ ᠰᠣᠶᠣᠯ ᠤᠨ ᠥᠪ ᠤᠨ ᠥᠯᠢᠭᠡᠷ ᠢ ᠣᠶᠢᠯᠠᠭᠠᠭᠤᠯᠬᠤ ᠪᠣᠯᠤᠨ᠎ᠠ᠃ ︽ᠡᠨᠡ ᠤᠳᠠᠭᠠᠨ ᠤ | ᠠᠵᠢᠯᠯᠠᠭ᠎ᠠ ᠨᠢ ᠨᠠᠮ᠎ᠠ ᠶᠢ ᠪᠣᠳᠠᠰ ᠤᠨ ᠪᠤᠰᠤ ᠰᠣᠶᠣᠯ ᠤᠨ ᠥᠪ ᠤᠨ ᠲᠤᠬᠠᠶ ᠰᠢᠨ᠎ᠡ ᠲᠠᠨᠢᠯᠲᠠ ᠲᠠᠢ ᠪᠣᠯᠭᠠᠵᠠᠶ᠃ ᠳ᠋ᠦᠩ | ᠾᠧ ᠲᠣᠭᠤᠷᠢᠭ ᠤᠨ ᠲᠤᠰ ᠭᠠᠵᠠᠷ ᠤᠨ ᠵᠤᠭᠠᠴᠠᠭᠰᠠᠳ ᠹᠧᠩ ᠢᠦᠢ ᠰᠤᠷᠪᠤᠯᠵᠢᠯᠠᠭ᠎ᠠ ᠬᠦᠯᠢᠶᠡᠬᠦ ᠳᠡᠭᠡᠨ᠂ ︽ᠪᠣᠳᠠᠰ ᠤᠨ | ᠪᠤᠰᠤ ᠰᠣᠶᠣᠯ ᠤᠨ ᠥᠪ ᠨᠢ ᠡᠷᠲᠡᠨ ᠤ ᠤᠷ᠎ᠠ ᠮᠡᠷᠭᠡᠵᠢᠯ ᠲᠡᠳᠦᠢ ᠦᠭᠡᠢ᠂ ᠨᠡᠩ ᠴᠤ ᠨᠢᠭᠡ ᠵᠦᠢᠯ ᠤᠨ ᠠᠮᠢᠳᠤᠷᠠᠯ ᠤᠨ | ᠣᠪᠣᠷ ᠪᠠ ᠵᠣᠷᠢᠭ ᠰᠠᠨᠠᠭᠠᠨ ᠤ ᠤᠯᠠᠮᠵᠢᠯᠠᠯ ᠪᠣᠯᠤᠨ᠎ᠠ᠂ ᠡᠶᠢᠮᠦᠷᠬᠦ ᠠᠵᠢᠯᠯᠠᠭ᠎ᠠ ᠨᠢ ᠤᠯᠠᠮ ᠠᠴᠠ ᠤᠯᠠᠮ ᠣᠯᠠᠰᠢᠷᠠᠵᠤ᠂ | ᠨᠡᠩ ᠤᠯᠠᠨ ᠭᠠᠳᠠᠷ ᠣᠷᠣᠨ ᠤ ᠵᠤᠭᠠᠴᠠᠭᠰᠠᠳ ᠲᠤ ᠪᠤᠭᠤᠲᠤ ᠳᠤ ᠬᠠᠷᠢᠶᠠᠯᠠᠭᠳᠠᠬᠤ ᠪᠣᠳᠠᠰ ᠤᠨ ᠪᠤᠰᠤ ᠰᠣᠶᠣᠯ ᠤᠨ ᠥᠪ ᠢ | ᠤᠢᠢᠯᠠᠭᠠᠭᠤᠯᠬᠤ ᠪᠠ ᠤᠯᠠᠮᠵᠢᠯᠠᠬᠤ ᠶᠢ ᠪᠢ ᠬᠦᠰᠡᠵᠦ ᠪᠠᠶᠢᠨ᠎ᠠ︾ ᠭᠡᠪᠡ᠃ | | |