ᠡᠯᠢᠭᠡ ᠥᠭᠡᠬᠦᠯᠡᠪᠡᠯ ᠶᠠᠭᠠᠬᠢᠬᠤ ᠪᠤᠢ
ᠨᠡᠶᠢᠲᠡᠯᠡᠭᠰᠡᠨ ᠴᠠᠭ᠄
2024/8/7
   ᠪᠡᠶ᠎ᠡ ᠪᠠᠨ ᠪᠠᠶᠢᠴᠠᠭᠠᠭᠠᠳ ᠡᠯᠢᠭᠡ ᠥᠭᠡᠬᠦᠯᠡᠭᠰᠡᠨ ᠭᠡᠬᠦ ᠣᠨᠣᠰᠢᠯᠠᠯᠲᠠ ᠲᠤᠰᠴᠠᠢ᠂ ᠬᠤᠶᠢᠰᠢᠳᠠ ᠠᠮᠢᠳᠤᠷᠠᠯ  ᠲᠠᠭᠠᠨ ᠶᠠᠭᠤ ᠶᠢ ᠠᠩᠬᠠᠷᠬᠤ ᠵᠣᠬᠢᠰᠲᠠᠢ ᠪᠤᠢ︖    ᠪᠡᠭᠡᠵᠢᠩ ᠤᠨ ᠳ᠋ᠢ ᠲᠠᠨ ᠡᠮᠨᠡᠯᠭᠡ ᠶᠢᠨ ᠬᠤᠷᠢᠶᠠᠨ ᠤ ᠡᠯᠢᠭᠡᠨ ᠡᠪᠡᠳᠴᠢᠨ ᠤ  ᠲᠦᠪ ᠤᠨ ᠳᠡᠳ᠋ ᠡᠷᠬᠢᠯᠡᠭ᠌ᠴᠢ ᠡᠮᠴᠢ ᠯᠢᠦ  ᠷᠤ᠋ ᠢᠦᠢ᠄ ᠡᠯᠢᠭᠡ ᠥᠭᠡᠬᠦᠯᠡᠬᠦ ᠪᠣᠯ ᠡᠯ᠎ᠡ ᠵᠦᠢᠯ ᠤᠨ ᠰᠢᠯᠲᠠᠭᠠᠨ ᠠᠴᠠ ᠪᠣᠯᠤᠭ᠍ᠰᠠᠨ ᠡᠯᠢᠭᠡᠨ ᠡᠰ ᠤᠨ ᠳᠣᠲᠣᠷ᠎ᠠ ᠥᠭᠡᠬᠦ ᠬᠡᠲᠦ ᠣᠪᠣᠭᠠᠷᠡᠭᠰᠠᠨ ᠡᠪᠡᠳᠴᠢᠨ᠋ ‍ᠤ‌ᠬᠤᠪᠢᠷᠠᠯᠲᠠ ᠮᠥᠨ᠃ ᠣᠯᠠᠩᠬᠢ ᠥᠭᠡᠬᠦᠯᠡᠭ᠌ᠰᠡᠨ ᠡᠯᠢᠭᠡᠨ᠋ ᠤ ᠡᠪᠡᠳᠴᠢᠲᠡᠨ ᠡᠪᠡᠳᠴᠢᠨ᠋  ᠤ ᠢᠯᠡᠷᠡᠯ ᠦᠭᠡᠢ ᠪᠣᠯᠬᠤᠷ ᠬᠥᠮᠥᠰ  ᠤᠨ ᠠᠩᠬᠠᠷᠤᠯ  ᠳᠤ ᠠᠮᠠᠷᠬᠠᠨ ᠬᠦᠷᠲᠡᠭ ᠦᠭᠡᠢ᠂ ᠭᠡᠪᠡᠴᠦ ᠭᠡᠮᠲᠦᠯ ᠰᠢᠷᠬᠠᠳᠤᠯ ᠨᠢ ᠪᠠᠶᠢᠩᠭᠤ  ᠤᠷᠤᠰᠢᠵᠦ᠂ ᠡᠪᠡᠳᠴᠢᠨ᠋ ᠤ ᠢᠯᠡᠷᠡᠯ ᠭᠠᠷᠤᠮᠡᠭᠴᠠ ᠡᠯᠢᠭᠡᠨ᠋  ᠤ ᠠᠵᠢᠯᠯᠠᠭ᠎ᠠ ᠨᠢ ᠡᠳᠦᠷ ᠲᠤᠲᠤᠮ  ᠤᠨ ᠦᠨᠳᠦᠰᠦᠨ ᠠᠵᠢᠯᠯᠠᠭ᠎ᠠ ᠶᠢ ᠳᠠᠭᠠᠭᠠᠵᠤ ᠳᠡᠶᠢᠯᠬᠦ ᠦᠭᠡᠢ ᠪᠣᠯᠲᠠᠯ᠎ᠠ ᠲᠤᠷᠦ᠋ᠲᠠᠭᠰᠠᠨ ᠪᠠᠶᠢᠵᠤ ᠮᠡᠳᠡᠨ᠎ᠡ ᠭᠡᠰᠡᠨ ᠬᠠᠷᠢᠭᠤᠯᠲᠠ ᠥᠭᠴᠡᠢ᠃    ᠡᠯᠢᠭᠡ ᠥᠭᠡᠬᠦᠯᠡᠬᠦ ᠨᠢ ᠮᠠᠷᠢᠶ᠎ᠠ ᠲᠠᠢ ᠬᠦᠮᠦᠨ᠋  ᠳᠤ ᠯᠡ ᠲᠣᠬᠢᠶᠠᠯᠳᠤᠳᠠᠭ ᠪᠢᠰᠢ᠂ ᠲᠡᠭᠦᠨ᠋  ᠤ ᠡᠭᠦᠰᠦᠯ ᠨᠢ ᠣᠯᠠᠨ ᠵᠦᠢᠯ ᠤᠨ ᠡᠯᠧᠮᠧᠨ᠋ᠲ᠋ᠢ ᠬᠤᠯᠪᠣᠭ᠎ᠠ ᠲᠠᠢ ᠪᠠᠶᠢᠳᠠᠭ ᠠᠴᠠ ᠵᠠᠷᠢᠮ ᠬᠥᠮᠥᠰ  ᠤᠨ ᠪᠡᠶ᠎ᠡ ᠶᠢᠨ  ᠬᠦᠨᠳᠦ ᠨᠢ  ᠬᠡᠪ ᠤᠨ  ᠪᠠᠶᠢᠭᠰᠠᠨ ᠴᠦ ᠡᠯᠢᠭᠡ ᠥᠭᠡᠬᠦᠯᠡᠭ᠌ᠰᠡᠨ ᠭᠡᠰᠡᠨ ᠣᠨᠣᠰᠢᠯᠠᠯᠲᠠ ᠠᠪᠳᠠᠭ᠋  ᠤᠨ ᠤᠴᠢᠷ ᠱᠢᠯᠲᠠᠭᠠᠨ ᠪᠣᠯᠤᠨ᠎ᠠ᠃ ᠡᠶᠢᠮᠦᠷᠬᠦᠦ ᠬᠥᠮᠥᠰ  ᠳᠤ ᠠᠪᠴᠤ ᠬᠡᠯᠡᠪᠡᠯ᠂ ᠠᠷᠢᠬᠢ ᠤᠤᠭᠤᠳᠠᠭ ᠡᠰᠡᠬᠦ᠂  ᠡᠯᠢᠭᠡ ᠶᠢ ᠭᠡᠮᠲᠦᠭᠡᠬᠦ ᠡᠮ ᠬᠡᠷᠡᠭᠯᠡᠭᠰᠡᠨ ᠡᠰᠡᠬᠦ᠂ ᠬᠤᠭᠤᠯᠠ ᠭᠤᠯᠣᠬᠤ᠂  ᠰᠢᠮ᠎ᠡ ᠲᠡᠵᠢᠭᠡᠯ ᠳᠤᠲᠠᠭᠳᠠᠭᠰᠠᠨ ᠵᠡᠷᠭᠡ ᠠᠰᠠᠭᠤᠳᠠᠯ  ᠤᠷᠤᠰᠢᠵᠦ ᠪᠠᠶᠢᠬᠤ  ᠡᠰᠡᠬᠦ ᠶᠢ ᠣᠶᠢᠯᠠᠭᠠᠬᠤ  ᠬᠡᠷᠡᠭᠲᠡᠢ᠃    ᠡᠯᠢᠭᠡ ᠪᠠᠨ ᠬᠠᠮᠠᠭᠠᠯᠠᠬᠤ ᠶᠢᠨ ᠲᠤᠯᠠᠳᠠ ᠪᠢᠳᠡ ᠢᠳᠡᠭᠡᠨ ᠤᠮᠳᠠᠭᠠᠨ᠋  ᠤ ᠳᠠᠳᠭᠠᠯ  ᠢᠶᠠᠨ ᠬᠤᠪᠢᠷᠠᠭᠤᠯᠵᠤ᠂ ᠲᠣᠰᠣᠯᠢᠭ᠂ ᠥᠭᠡᠬᠦ ᠶᠡᠬᠡᠲᠡᠢ᠂ ᠡᠨᠧᠷᠭᠢ ᠶᠡᠬᠡᠲᠡᠢ ᠤᠭᠤᠷᠠᠭ ᠪᠠᠭᠠᠲᠠᠢ ᠢᠳᠡᠭᠡᠨ ᠤᠮᠳᠠᠭᠠᠨ᠋ ᠢ  ᠴᠡᠭᠡᠷᠯᠡᠬᠦ ᠶᠢ ᠰᠠᠨᠠᠭᠤᠯᠵᠤ ᠪᠠᠶᠢᠨ᠎ᠠ ; ᠪᠡᠶ᠎ᠡ ᠪᠣᠯᠪᠠᠰᠤᠷᠠᠬᠤ ᠪᠠ ᠮᠠᠷᠢᠶ᠎ᠠ ᠪᠠᠨ  ᠰᠢᠭᠤᠷᠠᠭᠤᠯᠤᠨ᠎ᠠ; ᠠᠷᠢᠬᠢ ᠴᠡᠭᠡᠷᠯᠡᠨ᠎ᠡ ; ᠡᠮ  ᠢ ᠳᠤᠷ᠎ᠠ ᠪᠠᠷ  ᠬᠡᠷᠡᠭᠯᠡᠬᠦ ᠦᠭᠡᠢ᠃    ᠡᠯᠢᠭᠡ ᠥᠭᠡᠬᠦᠯᠡᠬᠦ  ᠶᠢ ᠵᠠᠰᠠᠳᠠᠭ ᠡᠷᠡᠭᠦᠯᠵᠢᠯ  ᠤᠨ ᠡᠮ  ᠢ  ᠬᠡᠷᠡᠭᠯᠡᠬᠦ   ᠳᠡᠭᠡᠨ ᠪᠣᠯᠭᠤᠮᠵᠢᠲᠠᠢ ᠪᠠᠶᠢᠭᠠᠷᠠᠢ᠃  ᠠᠮᠢᠳᠦ ᠪᠣᠳᠠᠰ  ᠤᠨ ᠤᠯᠠᠩᠬᠢ  ᠨᠢ ᠡᠯᠢᠭᠡᠨ᠋  ᠤ ᠰᠣᠯᠢᠯᠴᠠᠭ᠎ᠠ ᠪᠠᠷ ᠳᠠᠮᠵᠢᠳᠠᠭ ᠠᠴᠠ ᠳᠤᠷ᠎ᠠ ᠪᠠᠷ ᠢᠶᠠᠨ ᠡᠮ  ᠬᠡᠷᠡᠭᠯᠡᠪᠡᠯ ᠡᠯᠢᠭᠡᠨ᠋  ᠤ ᠠᠴᠢᠶᠠᠯᠠᠯ ᠢ ᠬᠦᠨᠳᠦᠷᠡᠭᠦᠯᠦᠨ᠎ᠡ᠃ ᠬᠡᠷᠪᠡ ᠠᠮᠢᠨᠣ᠋  ᠰᠢᠯᠵᠢᠭᠦᠯᠬᠦ ᠢᠰᠭᠡᠭᠦᠷ  ᠤᠨ ᠬᠡᠮᠵᠢᠶ᠎ᠡ ᠪᠠᠭᠤᠷᠠᠬᠤ ᠦᠭᠡᠢ ᠪᠠᠶᠢᠪᠠᠯ  ᠡᠮᠴᠢ ᠶᠢᠨ ᠵᠢᠯᠣᠭᠤᠳᠣᠯᠭ᠎ᠠ ᠪᠠᠷ ᠡᠮ  ᠢ ᠵᠣᠬᠢᠰᠲᠠᠢ  ᠬᠡᠷᠡᠭᠯᠡᠵᠦ ᠵᠠᠰᠠᠨ᠎ᠠ᠃  
 
ᠢᠷᠡᠯᠲᠡ᠄ ᠮᠤᠩᠭᠤᠯ ᠬᠡᠯᠡᠨ ᠦ ᠰᠤᠨᠢᠨ ᠮᠡᠳᠡᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1