ᠵᠢᠦ ᠴᠢᠦᠢ ᠬᠤᠸᠠ ᠵᠡᠭᠡᠯᠢ ᠨᠢ ᠮᠠᠨ ᠤ ᠲᠤᠭᠤᠷᠢᠭ ᠤᠨ ︽ᠬᠠᠭᠤᠴᠢᠨ ᠪᠤᠭᠤᠲᠤ︾ ᠶᠢᠨ ᠪᠣᠯᠪᠠᠰᠤᠨ ᠤ | ᠤᠯᠠᠮᠵᠢᠯᠠᠯ ᠤᠨ ᠴᠢᠨᠠᠷ ᠰᠠᠶᠢᠲᠠᠢ ᠦᠵᠡᠮᠵᠢ᠂ ᠵᠢᠭᠤᠯᠴᠢᠯᠠᠯ᠂ ᠰᠡᠯᠡᠭᠦᠴᠡᠯ᠂ ᠪᠠᠷᠠᠭ᠎ᠠ ᠬᠤᠳᠠᠯᠳᠤᠨ ᠠᠪᠬᠤ ᠵᠢᠱᠢᠶ᠎ᠡ | ᠦᠵᠡᠭᠦᠯᠬᠦ ᠴᠢᠨᠠᠷᠲᠠᠢ ᠠᠵᠤ ᠦᠢᠯᠡᠰ ᠤᠨ ᠰᠠᠭᠤᠷᠢᠨ ᠭᠠᠵᠠᠷ ᠪᠣᠯᠪᠠ᠃ ᠪᠤᠭᠤᠲᠤ ᠬᠤᠲᠠ ᠶᠢᠨ ᠵᠢᠦ ᠴᠢᠦᠢ ᠬᠤᠸᠠ ᠵᠡᠭᠡᠯᠢ | ᠳ᠋ᠦᠩ ᠾᠧ ᠲᠣᠭᠤᠷᠢᠭ ᠤᠨ ᠬᠤᠩ ᠰᠢᠩ ᠬᠤᠸᠠᠨ ᠳ᠋ᠣᠣ ᠠᠷᠠᠯ ᠤᠨ ᠬᠤᠶᠢᠲᠤ 200 ᠮᠧᠲᠷ ᠲᠤ ᠪᠠᠶᠢᠷᠢᠯᠠᠵᠤ᠂ 35 | ᠮᠥ ᠲᠠᠯᠠᠪᠠᠶ ᠲᠠᠢ᠂ ᠪᠠᠷᠢᠯᠭ᠎ᠠ ᠶᠢᠨ ᠲᠠᠯᠠᠪᠠᠶ 2.5 ᠲᠦᠮᠡᠨ ᠲᠡᠭᠰᠢ ᠳᠥᠷᠪᠡᠯᠵᠢᠨ ᠮᠧᠲᠷ᠂ ᠲᠡᠷᠭᠡ ᠵᠣᠭᠰᠣᠬᠤ ᠪᠠᠶᠢᠷᠢ | 200 ᠭᠠᠷᠤᠶ ᠪᠣᠶ᠃ ᠡᠭᠦᠨ ᠳᠤ ᠲᠠᠸᠠᠷ ᠤᠨ ᠦᠵᠡᠭᠦᠯᠭᠡ ᠶᠢᠨ ᠲᠣᠭᠤᠷᠢᠭ ᠤᠨ ᠡᠵᠡᠩᠨᠡᠯᠲᠡ ᠶᠢᠨ ᠬᠡᠯᠪᠡᠷᠢ ᠪᠠᠶᠢᠳᠠᠯ ᠨᠢ | ᠰᠣᠶᠣᠯ ᠤᠨ ᠲᠣᠭᠯᠠᠭᠠᠮ᠂ ᠴᠡᠴᠡᠭ ᠬᠤᠸᠠᠷ ᠰᠢᠪᠠᠭᠤ ᠡᠩᠬᠦᠷᠡᠢ ᠠᠮᠢᠲᠠᠨ᠂ ᠦᠰᠦᠭ ᠵᠢᠷᠤᠭ᠂ ᠤᠰᠤᠨ ᠠᠮᠢᠲᠠᠨ ᠤ | ᠶᠢᠷᠲᠢᠨᠴᠦ᠂ ᠰᠢᠶᠠᠩ ᠮᠢᠩ ᠴᠠᠢ ᠶᠢᠨ ᠬᠡᠷᠡᠭᠰᠡᠯ᠂ ᠤᠯᠠᠭᠠᠨ ᠮᠣᠳᠣᠨ ᠭᠡᠷ ᠤᠨ ᠬᠡᠷᠡᠭᠰᠡᠯ᠂ ᠬᠡᠦᠬᠡᠳ ᠤᠨ ᠵᠤᠭ᠎ᠠ ᠴᠡᠩᠭᠡᠯ᠂ | ᠣᠷᠣᠨ ᠨᠤᠲᠤᠭ ᠤᠨ ᠣᠨᠴᠠ ᠭᠠᠷᠤᠯᠲᠠ ᠵᠡᠷᠭᠡ ᠪᠣᠯᠤᠨ᠎ᠠ᠃ ᠰᠣᠶᠣᠯ ᠤᠨ ᠠᠵᠤ ᠦᠢᠯᠡᠰ ᠤᠨ ᠠᠳᠠᠯ ᠦᠢᠯᠡᠰ | ᠴᠣᠭᠴᠠᠯᠠᠬᠤ ᠬᠦᠷᠢᠶᠡᠯᠡᠩ ᠳᠤ ᠰᠣᠶᠣᠯ ᠤᠨ ᠰᠢᠨ᠎ᠡ ᠶᠢ ᠡᠭᠦᠳᠬᠦ ᠠᠵᠤ ᠦᠢᠯᠡᠰ᠂ ᠨᠡᠶᠢᠭᠡᠮᠯᠢᠭ᠂ ᠵᠠᠭᠤᠴᠢᠯᠠᠭᠤᠷ ᠤᠨ | ᠲᠥᠰᠦᠪᠯᠡᠬᠦ᠂ ᠬᠢᠨᠠᠨ ᠲᠣᠭᠲᠠᠭᠠᠵᠤ ᠦᠨ᠎ᠡ ᠬᠠᠶᠠᠯᠴᠠᠨ ᠬᠤᠳᠠᠯᠳᠤᠬᠤ ᠲᠥᠪ ᠵᠡᠷᠭᠡ᠂ ᠬᠠᠭᠤᠴᠢᠨ ᠪᠤᠭᠤᠲᠤ ᠶᠢᠨ | ᠳᠤᠷᠠᠳᠬᠠᠯ᠂ ᠪᠣᠳᠠᠰ ᠤᠨ ᠪᠤᠰᠤ ᠰᠣᠶᠣᠯ ᠤᠨ ᠥᠪ᠂ ᠰᠣᠶᠣᠯ ᠤᠨ ᠪᠦᠲᠦᠭᠡᠯᠴᠢ ᠠᠵᠤ ᠦᠢᠯᠡᠰ ᠤᠨ ᠲᠥᠪ᠃ | |