ᠳ᠋ᠦᠩ ᠾᠧ ᠲᠣᠭᠤᠷᠢᠭ︽ᠭᠠᠮᠰᠢᠭ ᠤᠨ ᠠᠶᠤᠯ ᠲᠦᠭᠰᠢᠭᠦᠷᠢ ᠶᠢ ᠰᠡᠷᠭᠡᠶᠢᠯᠡᠵᠦ ᠴᠢᠨᠠᠷ ᠰᠠᠶᠢᠲᠠᠢ ᠬᠥᠭᠵᠢᠯᠲᠡ ᠶᠢ ᠬᠠᠮᠠᠭᠠᠯᠠᠬᠤ︾ᠲᠥᠪᠯᠡᠷᠡᠩᠭᠦᠢ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2023/5/25
      ᠪᠦᠬᠦ ᠨᠡᠶᠢᠭᠡᠮ ᠤᠨ ᠭᠠᠢ ᠭᠠᠮᠰᠢᠭ ᠤᠨ ᠠᠶᠤᠯ ᠲᠦᠭᠰᠢᠭᠦᠷᠢ ᠶᠢ ᠰᠡᠷᠭᠡᠶᠢᠯᠡᠬᠦ ᠤᠬᠠᠮᠰᠠᠷ ᠪᠠ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠥᠯᠥᠭᠡ᠂ 5 ᠰᠠᠷ᠎ᠠ ᠶᠢᠨ 12 ᠤᠨ ᠦᠳᠡ ᠶᠢᠨ ᠡᠮᠦᠨ᠎ᠡ᠂ ᠳ᠋ᠦᠩ ᠾᠧ ᠲᠣᠭᠤᠷᠢᠭ ᠤᠨ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠠᠬᠤ ᠵᠢᠯᠤᠭᠤᠳᠬᠤ ᠭᠠᠵᠠᠷ ᠤᠨ ᠠᠯᠪᠠᠨ ᠭᠡᠷ ᠠᠴᠠ ᠲᠣᠭᠤᠷᠢᠭ ᠤᠨ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠭᠡ ᠠᠩᠭᠢ  ᠶᠢ ᠵᠣᠬᠢᠶᠠᠨ ᠪᠠᠶᠢᠭᠤᠯᠵᠤ᠂ ᠥᠪᠥᠷ ᠮᠣᠩᠭᠤᠯ ᠤᠨ ᠬᠥᠬᠡ ᠣᠭᠲᠠᠷᠭᠤᠢ ᠶᠢ ᠠᠪᠤᠷᠠᠨ ᠲᠤᠰᠠᠯᠠᠬᠤ ᠠᠩᠭᠢ᠂ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ᠂ ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠪᠠᠶᠢᠭᠠᠯᠢ ᠶᠢᠨ ᠡᠬᠢ ᠪᠠᠶᠠᠯᠢᠭ ᠤᠨ ᠬᠤᠪᠢᠶᠠᠷᠢ ᠲᠣᠪᠴᠢᠶ᠎ᠠ᠂ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ᠂ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ᠂ ᠶᠠᠩ ᠭᠧ ᠯᠢᠶᠠᠩ ᠵᠡᠭᠡᠯᠢ ᠭᠤᠳᠤᠮᠵᠢ ᠵᠡᠷᠭᠡ ᠬᠠᠮᠢᠶ᠎ᠠ ᠪᠦᠬᠦᠢ ᠨᠢᠭᠡᠴᠡ ᠶᠢᠨ ᠵᠢᠶᠠᠩ ᠶᠣᠣ ᠬᠤᠳᠠ ᠶᠢᠨ ᠠᠷᠠᠳ ᠤᠨ ᠴᠡᠴᠡᠷᠯᠢᠭ ᠲᠤ︽ᠭᠠᠮᠰᠢᠭ ᠤᠨ ᠠᠶᠤᠯ ᠲᠦᠭᠰᠢᠭᠦᠷᠢ ᠶᠢ ᠰᠡᠷᠭᠡᠶᠢᠯᠡᠵᠦ ᠴᠢᠨᠠᠷ ᠰᠠᠶᠢᠲᠠᠢ ᠬᠥᠭᠵᠢᠯᠲᠡ ᠶᠢ ᠬᠠᠮᠠᠭᠠᠯᠠᠬᠤ︾ ᠪᠠᠷ ᠭᠤᠣᠯ ᠰᠡᠳᠦᠪ ᠪᠣᠯᠭᠠᠭᠰᠠᠨ ᠭᠠᠮᠰᠢᠭ ᠢ ᠰᠡᠷᠭᠡᠶᠢᠯᠡᠵᠦ ᠭᠠᠮᠰᠢᠭ ᠢ ᠪᠠᠭᠠᠰᠬᠠᠬᠤ ᠡᠳᠦᠷ ᠤᠨ ᠲᠥᠪᠯᠡᠷᠡᠩᠭᠦᠢ ᠤᠬᠠᠭᠤᠯᠭ᠎ᠠ ᠶᠢᠨ ᠠᠵᠢᠯᠯᠠᠭ᠎ᠠ ᠶᠢ ᠬᠠᠮᠲᠤᠷᠠᠨ ᠥᠷᠨᠢᠭᠦᠯᠵᠡᠢ᠃ᠪᠤᠭᠤᠲᠤ ᠬᠤᠳᠠ ᠶᠢᠨ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ ᠶᠢᠨ ᠬᠤᠶᠠᠳᠤᠭᠠᠷ ᠳᠡᠰ ᠤᠨ ᠪᠠᠶᠢᠴᠠᠭᠠᠨ ᠰᠤᠳᠤᠯᠤᠭᠴᠢ ᠢᠦᠢ ᠱᠧᠩ ᠶᠦᠨ᠂ ᠳ᠋ᠦᠩ ᠾᠧ ᠲᠣᠭᠤᠷᠢᠭ ᠤᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠳᠡᠳ᠋ ᠳᠠᠷᠤᠭ᠎ᠠ ᠰᠢ ᠵᠧᠨ ᠵᠢᠶᠦ᠋ᠨ ᠠᠵᠢᠯᠯᠠᠭ᠎ᠠ ᠳᠤ ᠣᠷᠣᠯᠴᠠᠪᠠ᠃      ᠠᠵᠢᠯᠯᠠᠭ᠎ᠠ ᠶᠢᠨ ᠲᠤᠬᠠᠢ ᠶᠢᠨ ᠲᠠᠯᠠᠪᠠᠶ᠂ ᠣᠷᠣᠯᠴᠠᠭᠰᠠᠨ ᠨᠢᠭᠡᠴᠡ ᠣᠯᠠᠨ ᠵᠦᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ ᠭᠠᠮᠰᠢᠭ ᠢ ᠰᠡᠷᠭᠡᠶᠢᠯᠡᠨ ᠭᠠᠮᠰᠢᠭ ᠢ ᠪᠠᠭᠠᠰᠬᠠᠬᠤ ᠤᠬᠠᠭᠤᠯᠭ᠎ᠠ ᠶᠢ ᠥᠷᠨᠢᠭᠦᠯᠬᠦ  ᠬᠡᠷᠡᠭᠲᠡᠢ᠃ ᠡᠨᠡ ᠤᠳᠠᠭᠠᠨ ᠤ ᠤᠬᠠᠭᠤᠯᠭ᠎ᠠ ᠶᠢᠨ ᠠᠵᠢᠯᠯᠠᠭ᠎ᠠ ᠳᠤ ᠨᠡᠶᠢᠲᠡ 50 ᠦᠵᠡᠭᠦᠯᠦᠯᠭᠡ ᠶᠢᠨ ᠰᠠᠮᠪᠠᠷ᠎ᠠ ᠭᠠᠷᠭᠠᠵᠤ᠂ 2000 ᠭᠠᠷᠤᠢ ᠬᠤᠪᠢ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠵᠤ᠂ ᠣᠷᠣᠯᠴᠠᠭᠰᠠᠨ ᠣᠯᠠᠨ ᠲᠦᠮᠡᠨ 5000 ᠭᠠᠷᠤᠢ ᠬᠥᠮᠥᠨ ᠤᠳᠠᠭ᠎ᠠ ᠬᠦᠷᠴᠡᠢ᠃
     ᠲᠣᠭᠤᠷᠢᠭ ᠤᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠶᠡᠭᠡ ᠠᠩᠭᠢ ᠶᠢᠨ ᠠᠵᠢᠯᠲᠠᠳ ᠲᠤᠬᠠᠢ ᠶᠢᠨ ᠲᠠᠯᠠᠪᠠᠶ ᠳᠤ ᠪᠠᠶᠢᠭᠰᠠᠨ ᠣᠯᠠᠨ ᠲᠦᠮᠡᠨ ᠳᠤ ᠭᠠᠯ ᠤᠨᠲᠠᠷᠠᠭᠠᠭᠤᠷ ᠢ ᠲᠠᠶᠢᠯᠪᠤᠷᠢᠯᠠᠨ ᠵᠢᠱᠢᠶ᠎ᠡ ᠦᠵᠡᠭᠦᠯᠵᠦ᠂ ᠡᠯ᠎ᠡ ᠲᠥᠷᠥᠯ ᠤᠨ ᠪᠠᠶᠢᠭᠠᠯᠢ ᠶᠢᠨ ᠭᠠᠮᠰᠢᠭ᠂ ᠭᠠᠯ ᠤᠨᠲᠠᠷᠠᠭᠠᠬᠤ ᠮᠡᠳᠡᠯᠭᠡ ᠪᠠ ᠰᠡᠷᠭᠡᠶᠢᠯᠡᠨ ᠠᠷᠭᠠᠴᠠᠬᠤ ᠠᠷᠭ᠎ᠠ ᠬᠡᠮᠵᠢᠶ᠎ᠡ ᠶᠢ ᠲᠦᠭᠡᠮᠡᠯᠵᠢᠭᠦᠯᠬᠦ ᠶᠢᠨ ᠲᠥᠯᠥᠭᠡ ︽ᠰᠠᠯᠬᠢᠨ ᠤ ᠠᠮᠠᠰᠠᠷ ᠲᠤ ᠵᠣᠭᠰᠣᠵᠤ᠂ ᠨᠢᠭᠡ ᠭᠠᠷ ᠢᠶᠠᠷ ᠢᠶᠠᠨ ᠠᠶᠤᠯ ᠦᠭᠡᠢ ᠶᠢᠨ ᠴᠢᠭᠳᠠ ᠶᠢ ᠠᠪᠴᠤ᠂ ᠨᠥᠭᠦᠭᠡ ᠭᠠᠷ ᠢᠶᠠᠷ ᠢᠶᠠᠨ ᠰᠦᠷᠴᠢᠭᠦᠷ ᠬᠤᠭᠤᠯᠠᠢ ᠠᠳᠬᠤᠨ᠂ ᠨᠥᠭᠦᠭᠡ ᠭᠠᠷ ᠢᠶᠠᠷ ᠢᠶᠠᠨ ᠭᠠᠯ ᠤᠨ ᠢᠷᠡᠯᠲᠡ ᠶᠢᠨ ᠬᠡᠰᠡᠭ ᠲᠤ ᠲᠠᠭᠠᠷᠠᠭᠤᠯᠵᠤ᠂ ᠪᠠᠷᠢᠭᠤᠯ ᠢ ᠨᠢ ᠳᠠᠷᠤᠪᠠ ᠁ ᠁︾ ᠭᠡᠵᠡᠢ᠃ᠣᠨᠣᠯ ᠤᠨ ᠲᠠᠶᠢᠯᠤᠮᠵᠢ ᠳᠠᠭᠤᠰᠤᠭᠰᠠᠨ ᠤ ᠳᠠᠷᠠᠭ᠎ᠠ᠂ ᠲᠤᠬᠠᠢ ᠶᠢᠨ ᠲᠠᠯᠠᠪᠤᠷ ᠤᠨ ᠣᠯᠠᠨ ᠲᠦᠮᠡᠨ ᠲᠤᠰᠬᠠᠢ ᠮᠡᠷᠭᠡᠵᠢᠯ ᠤᠨ ᠵᠢᠯᠣᠭᠤᠳᠤᠯᠭ᠎ᠠ ᠳᠣᠣᠷ᠎ᠠ ᠭᠠᠯ ᠤᠨᠲᠠᠷᠠᠭᠠᠭᠤᠷ ᠤᠨ ᠪᠣᠳᠠᠲᠤ ᠪᠣᠯᠪᠠᠰᠤᠷᠠᠯ ᠤᠨ ᠰᠣᠷᠢᠯᠲᠠ ᠬᠢᠵᠡᠢ᠃
     ᠥᠪᠥᠷ ᠮᠣᠩᠭᠤᠯ ᠤᠨ ᠬᠥᠬᠡ ᠣᠭᠲᠠᠷᠭᠤᠢ ᠶᠢᠨ ᠠᠪᠤᠷᠠᠨ ᠲᠤᠰᠠᠯᠠᠬᠤ ᠠᠩᠭᠢ ᠶᠢᠨ ᠬᠢᠨ ᠲᠤᠬᠠᠢ ᠶᠢᠨ ᠲᠠᠯᠠᠪᠠᠢ ᠳᠤ ᠪᠠᠶᠢᠭᠰᠠᠨ ᠤᠯᠠᠨ ᠲᠦᠮᠡᠨ ᠳᠤ ᠪᠠᠴᠢᠮ ᠪᠠᠶᠢᠳᠠᠯ ᠢ ᠠᠷᠭᠠᠴᠠᠵᠤ ᠠᠪᠤᠷᠠᠨ ᠲᠤᠰᠠᠯᠠᠬᠤ ᠦᠵᠡᠭᠦᠯᠦᠯᠭᠡ ᠬᠢᠵᠦ᠂ ᠤᠯᠠᠨ ᠲᠦᠮᠡᠨ ᠳᠤ ᠡᠳᠦᠷ ᠲᠤᠳᠤᠮ ᠤᠨ ᠭᠠᠮᠰᠢᠭ ᠢ ᠰᠡᠷᠭᠡᠶᠢᠯᠡᠬᠦ ᠠᠷᠭ᠎ᠠ ᠬᠡᠮᠵᠢᠶ᠎ᠡ ᠶᠢᠨ ᠭᠤᠣᠯᠳᠠᠯᠭ᠎ᠠ ᠵᠢᠴᠢ ᠪᠠᠴᠢᠮ ᠪᠠᠶᠢᠳᠠᠯ ᠢ ᠠᠷᠭᠠᠴᠠᠵᠤ ᠠᠮᠢ ᠵᠢᠭᠤᠲᠠᠬᠤ ᠵᠡᠷᠭᠡ ᠮᠡᠳᠡᠯᠭᠡ ᠶᠢ ᠨᠠᠷᠢᠨ ᠲᠠᠶᠢᠯᠪᠤᠷᠢᠯᠠᠵᠤ᠂ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠰᠢᠨ᠎ᠡ ᠶᠢ ᠡᠭᠦᠳᠬᠦ ᠣᠶᠢᠯᠠᠭᠠᠭᠳᠠᠬᠤᠨ ᠢ ᠤᠬᠠᠭᠤᠯᠵᠤ᠂ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠮᠡᠳᠡᠯᠭᠡ ᠤᠷ᠎ᠠ ᠴᠢᠳᠠᠪᠤᠷᠢ ᠶᠢ ᠤᠯᠠᠮᠵᠢᠯᠠᠵᠤ᠂ ᠤᠯᠠᠨ ᠲᠦᠮᠡᠨ ᠢ ᠬᠠᠪᠰᠤᠷᠤᠨ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠤᠬᠠᠮᠰᠠᠷ ᠪᠣᠯᠣᠨ ᠥᠪᠡᠷ ᠢ ᠪᠠᠨ ᠠᠪᠤᠷᠠᠬᠤ ᠬᠠᠷᠢᠯᠴᠠᠨ ᠠᠪᠤᠷᠠᠬᠤ ᠴᠢᠳᠠᠪᠤᠷᠢ ᠶᠢ ᠨᠢ ᠴᠢᠩᠭᠠᠳᠬᠠᠵᠠᠢ᠃
     ᠲᠠᠷᠠᠭᠠᠴᠢ ᠶᠢᠨ ᠠᠯᠬᠤᠮ ᠳᠤ᠂ ᠳ᠋ᠦᠩ ᠾᠧ ᠲᠣᠭᠤᠷᠢᠭ ᠤᠨ ᠭᠠᠮᠰᠢᠭ ᠢ ᠪᠠᠭᠠᠰᠬᠠᠬᠤ ᠠᠯᠪᠠᠨ ᠭᠡᠷ ᠠᠴᠠ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠮᠡᠳᠡᠯᠭᠡ ᠤᠷ᠎ᠠ ᠴᠢᠳᠠᠪᠤᠷᠢ ᠪᠠ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠤᠨ ︽ᠵᠢᠷᠭᠤᠭ᠎ᠠ ᠳᠤ ᠣᠷᠣᠭᠤᠯᠬᠤ ᠠᠵᠢᠯᠯᠠᠭ᠎ᠠ︾ ᠶᠢ ᠪᠠᠶᠢᠩᠭᠤᠵᠢᠭᠤᠯᠤᠨ ᠠᠬᠢᠭᠤᠯᠵᠤ᠂ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠤᠬᠠᠭᠤᠯᠭ᠎ᠠ ᠶᠢᠨ ᠠᠵᠢᠯᠯᠠᠭ᠎ᠠ ᠶᠢ ᠯᠠᠪᠳᠠᠭᠤᠨ ᠪᠠᠲᠤᠲᠠᠢ ᠥᠷᠨᠢᠭᠦᠯᠵᠦ᠂ ᠣᠯᠠᠨ ᠲᠦᠮᠡᠨ ᠤ ᠰᠠᠨᠠᠭᠠᠴᠢᠯᠠᠭ᠎ᠠ  ᠠᠴᠠ ᠪᠠᠨ ᠭᠠᠮᠰᠢᠭ  ᠠᠴᠠ ᠵᠠᠶᠢᠯᠠᠬᠤ ᠤᠬᠠᠮᠰᠠᠷ ᠪᠠ ᠴᠢᠳᠠᠪᠤᠷᠢ ᠶᠢ ᠦᠨᠡᠨᠬᠦ ᠳᠡᠭᠡᠭᠰᠢᠯᠡᠭᠦᠯᠵᠦ᠂ ᠫᠢᠩ ᠠᠨ ᠳ᠋ᠦᠩ ᠾᠧ ᠭᠤᠣᠯ ᠤᠨ ᠠᠮᠤᠷ ᠲᠦᠪᠰᠢᠨ ᠤ ᠰᠠᠶᠢᠨ ᠰᠠᠶᠢᠬᠠᠨ ᠣᠷᠴᠢᠨ ᠲᠣᠭᠤᠷᠢᠨ ᠢ ᠡᠭᠦᠳᠦᠨ ᠪᠠᠶᠢᠭᠤᠯᠬᠤ ᠳᠤ ᠪᠠᠲᠤ ᠪᠠᠬᠢ ᠰᠠᠭᠤᠷᠢ ᠲᠠᠯᠪᠢᠵᠤ᠂ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠬᠤ ᠪᠣᠯᠣᠨ᠎ᠠ᠃
 
ᠢᠷᠡᠯᠲᠡ᠄ ᠥᠨᠥᠳᠥᠷ ᠤᠨ ᠳ᠋ᠦᠩ ᠾᠧ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1