ᠰᠣᠶᠣᠯ ᠤᠨ ᠪᠤᠰᠤ ᠰᠣᠶᠣᠯ ᠤᠨ ᠥᠪ ᠢ ᠰᠤᠷᠭᠠᠭᠤᠯᠢ ᠶᠢᠨ ᠬᠦᠷᠢᠶᠡᠨ ᠳᠤ ᠣᠷᠣᠭᠤᠯᠤᠨ᠎ᠠ ︱ ᠰᠣᠶᠣᠯ ᠤᠨ ᠪᠤᠰᠤ ᠰᠣᠶᠣᠯ ᠤᠨ ᠥᠪ ᠤᠨ ᠰᠠᠶᠢᠬᠠᠨ ᠢ ᠤᠯᠠᠮᠵᠢᠯᠠᠨ᠎ᠠ
ᠨᠡᠶᠢᠲᠡᠯᠡᠭᠰᠡᠨ ᠴᠠᠭ᠄
2023/11/16
     ᠣᠶᠢᠷ᠎ᠠ ᠳᠤ᠂ ᠳ᠋ᠦᠩ ᠾᠧ ᠲᠣᠭᠤᠷᠢᠭ ᠤᠨ ᠰᠣᠶᠣᠯ ᠤᠨ ᠣᠷᠳᠣᠨ ᠪᠣᠯᠣᠨ ᠲᠡᠮᠦᠷ ᠵᠠᠮ ᠤᠨ ᠵᠠᠮ ᠬᠠᠷᠢᠯᠴᠠᠭᠠᠨ ᠤ ᠡᠵᠡᠩᠨᠡᠯᠲᠡ ᠬᠠᠮᠢᠶᠠᠷᠤᠯᠲᠠ ᠶᠢᠨ ᠰᠠᠯᠪᠤᠷᠢ ᠬᠠᠮᠲᠤᠷᠠᠨ ︽ᠪᠣᠳᠠᠰ ᠤᠨ ᠪᠤᠰᠤ ᠰᠣᠶᠣᠯ ᠤᠨ ᠥᠪ ᠤᠨ ᠰᠣᠶᠣᠯ ᠳᠤ ᠣᠷᠣᠵᠤ ᠂ ᠪᠣᠳᠠᠰ ᠤᠨ ᠪᠤᠰᠤ ᠰᠣᠶᠣᠯ ᠤᠨ ᠥᠪ ᠤᠨ ᠭᠤᠸ᠎ᠠ ᠰᠠᠶᠢᠬᠠᠨ ᠢ ᠤᠯᠠᠮᠵᠢᠯᠠᠨ ᠵᠠᠯᠭᠠᠮᠵᠢᠯᠠᠬᠤ︾ ᠭᠠᠷ ᠤᠷᠠᠯᠠᠯ ᠤᠨ ︽ᠰᠢᠬᠢᠷ ᠤᠨ ᠱᠤᠭᠤᠮᠠᠯ︾ ᠦᠢᠯᠡᠳᠬᠦ ᠠᠵᠢᠯᠯᠠᠭ᠎ᠠ ᠥᠷᠨᠢᠭᠦᠯᠪᠡ᠃ ᠲᠣᠰ ᠤᠳᠠᠭᠠᠨ ᠤ ᠠᠵᠢᠯᠯᠠᠭ᠎ᠠ ᠳᠤ ᠪᠣᠳᠠᠰ ᠤᠨ ᠪᠤᠰᠤ ᠰᠣᠶᠣᠯ ᠤᠨ ᠥᠪ ᠤᠨ ᠭᠠᠷ ᠤᠷᠠᠯᠠᠯ ᠤᠨ ︽ᠰᠢᠬᠢᠷᠲᠦ ᠱᠤᠭᠤᠮᠠᠯ︾ ᠤᠨ ᠵᠠᠯᠭᠠᠮᠵᠢᠯᠠᠭᠴᠢ ᠯᠢ ᠣᠪᠣᠭᠲᠤ ᠶᠢᠨ ᠪᠠᠭᠰᠢ ᠶᠢ ᠲᠤᠰᠬᠠᠶᠢᠯᠠᠨ ᠤᠷᠢᠵᠤ ᠲᠤᠬᠠᠢ ᠶᠢᠨ ᠲᠠᠯᠠᠪᠤᠷ ᠲᠤ ᠵᠢᠭᠠᠨ ᠰᠤᠷᠭᠠᠯᠲᠠ ᠬᠢᠯᠭᠡᠵᠡᠢ᠃
     ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠯᠢ ᠣᠪᠣᠭᠲᠤ ᠶᠢᠨ ᠪᠠᠭᠰᠢ ᠠᠴᠠ ᠤᠯᠠᠨ ᠳᠤ ᠰᠢᠬᠢᠷ ᠤᠨ ᠱᠤᠭᠤᠮᠠᠯ ᠤᠨ ᠲᠡᠦᠬᠡ ᠰᠣᠶᠣᠯ ᠢ ᠲᠠᠨᠢᠯᠴᠠᠭᠤᠯᠤᠭᠰᠠᠨ ᠪᠥᠭᠡᠳ ᠭᠠᠷ ᠢᠶᠠᠷ ᠬᠢᠭᠰᠡᠨ ᠰᠢᠬᠢᠷ ᠤᠨ ᠱᠤᠭᠤᠮᠠᠯ ᠢ ᠬᠢᠬᠦ ᠳᠤ ᠬᠡᠷᠡᠭᠰᠡᠬᠦ ᠲᠦᠭᠦᠬᠡᠢ ᠮᠠᠲ᠋ᠧᠷᠢᠶᠠᠯ᠂ ᠪᠠᠭᠠᠵᠢ ᠬᠡᠷᠡᠭᠰᠡᠯ ᠵᠡᠷᠭᠡ ᠶᠢ ᠲᠠᠶᠢᠯᠪᠤᠷᠢᠯᠠᠪᠠ᠃ ᠭᠠᠷ ᠤᠷᠠᠯᠠᠯ ᠤᠨ ᠰᠢᠬᠢᠷ ᠤᠨ ᠱᠤᠭᠤᠮᠠᠯ  ᠨᠢ ᠰᠢᠬᠢᠷ ᠤᠨ ᠲᠣᠰᠣ ︵ᠪᠤᠭᠤᠳᠠᠢ  ᠶᠢᠨ ᠨᠠᠬᠢᠶᠠᠨ ᠰᠢᠬᠢᠷ᠂ ᠮᠥᠰᠥᠨ ᠰᠢᠬᠢᠷ︶ ᠪᠠᠷ ᠲᠦᠭᠦᠬᠡᠢ ᠮᠠᠲ᠋ᠧᠷᠢᠶᠠᠯ ᠪᠣᠯᠭᠠᠵᠤ᠂ ᠬᠠᠯᠠᠭᠤᠯᠬᠤ ᠪᠤᠶᠤ ᠴᠢᠨᠠᠬᠤ ᠪᠠᠷ ᠳᠡᠮᠵᠢᠨ᠂ ᠦᠯᠢᠶᠡᠵᠦ ᠴᠢᠮᠬᠢᠬᠦ᠂ ᠲᠣᠩᠭᠤᠷᠠᠭᠤᠯᠤᠨ ᠵᠢᠷᠤᠬᠤ᠂ ᠬᠡᠪ ᠴᠢᠳᠬᠤᠬᠤ ᠵᠡᠷᠭᠡ ᠪᠣᠯᠪᠠᠰᠤᠷᠠᠭᠤᠯᠬᠤ ᠠᠷᠭ᠎ᠠ ᠪᠠᠷᠢᠯ ᠪᠠ ᠳᠦᠷᠰᠦ ᠪᠦᠲᠦᠭᠡᠬᠦ ᠠᠷᠭ᠎ᠠ  ᠪᠠᠷ ᠬᠠᠪᠲᠠᠭᠠᠢ ᠪᠤᠶᠤ ᠪᠡᠶᠡᠲᠦ ᠬᠥᠮᠥᠨ᠂ ᠪᠣᠳᠠᠰ᠂ ᠰᠢᠪᠠᠭᠤ᠂ ᠠᠷᠢᠶᠠᠲᠠᠨ ᠵᠡᠷᠭᠡ ᠪᠣᠳᠠᠲᠠᠢ ᠳᠦᠷᠢ  ᠶᠢ ᠪᠦᠲᠦᠭᠡᠬᠦ ᠤᠷᠠᠯᠢᠭ  ᠢ ᠪᠦᠲᠦᠭᠡᠬᠦ  ᠶᠢᠨ ᠬᠠᠮᠲᠤ ᠪᠠᠰᠠ ᠠᠷᠠᠳ ᠤᠨ ᠢᠳᠡᠭᠡᠨ ᠤ ᠤᠷᠠᠯᠠᠯ  ᠢ ᠪᠦᠲᠦᠭᠡᠵᠦ᠂ ᠶᠡᠷᠦ ᠳᠡᠭᠡᠨ ᠬᠡᠦᠬᠡᠳ ᠤᠨ ᠰᠣᠨᠢᠷᠬᠠᠬᠤ ᠪᠠ ᠢᠳᠡᠬᠦ ᠳᠤ ᠵᠣᠷᠢᠭᠤᠯᠳᠠᠭ᠃ ᠯᠢ ᠣᠪᠣᠭᠲᠤ ᠶᠢᠨ ᠪᠠᠭᠰᠢ ᠴᠢᠬᠤᠯᠠᠴᠢᠯᠠᠬᠤ ᠳᠠᠭᠠᠨ᠂ ᠰᠢᠬᠢᠷ ᠦᠯᠢᠶᠡᠬᠦ ᠤᠷ᠎ᠠ ᠮᠡᠷᠭᠡᠵᠢᠯ ᠨᠢ ᠭᠤᠣᠯᠳᠠᠭᠤ ︽ᠦᠯᠢᠶᠡᠬᠦ︾ ᠳᠡᠭᠡᠷ᠎ᠡ ᠪᠠᠶᠢᠳᠠᠭ᠂ ᠨᠢᠭᠡ ᠬᠡᠰᠡᠭ ᠰᠢᠬᠢᠷ ᠨᠢ ᠤᠷᠠᠯᠢᠭᠴᠢᠨ ᠤ ᠭᠠᠷ ᠲᠤ ᠪᠠᠶᠢᠵᠤ᠂ ᠦᠯᠢᠶᠡᠬᠦ ᠶᠢᠨ ᠳᠠᠭᠠᠤ ᠴᠢᠮᠬᠢᠵᠦ᠂ ᠳᠠᠬᠢᠨ ᠦᠷᠦᠬᠦ᠂ ᠳᠠᠷᠤᠬᠤ᠂ ᠳᠠᠮᠨᠠᠬᠤ᠂ ᠬᠠᠶᠢᠴᠢᠯᠠᠬᠤ ᠵᠡᠷᠭᠡ ᠠᠷᠭ᠎ᠠ ᠪᠠᠷ ᠬᠠᠪᠰᠤᠷᠤᠮᠵᠢ ᠶᠢᠨ ᠵᠢᠵᠢᠭ ᠲᠡᠮᠦᠷ ᠤᠲᠠᠰᠤ ᠶᠢ ᠨᠡᠮᠡᠪᠡᠯ᠂ ᠪᠠᠭ᠎ᠠ ᠳᠠᠭᠠᠨ ᠬᠡᠳᠦᠨ ᠮᠢᠨᠦ᠋ᠲ᠂ ᠢᠯᠡᠭᠦᠦ ᠳᠡᠭᠡᠨ ᠬᠠᠭᠠᠰ ᠴᠠᠭ ᠤᠨ ᠳᠣᠲᠣᠷ᠎ᠠ ᠨᠢᠭᠡ ᠯᠡ ᠪᠦᠲᠦᠭᠡᠯ ᠢ ᠪᠦᠲᠦᠭᠡᠴᠢᠬᠡᠨ᠎ᠡ ᠭᠡᠵᠡᠢ᠃ ᠬᠠᠮᠲᠤ ᠰᠤᠷᠤᠭᠴᠢᠳ ᠤᠨ ᠬᠦᠰᠡᠨ ᠬᠦᠯᠢᠶᠡᠵᠦ ᠪᠠᠶᠢᠭᠰᠠᠨ ᠬᠠᠷᠠᠴᠠ ᠶᠢᠨ ᠬᠠᠷᠠᠴᠠ ᠪᠠᠷ ᠯᠢ ᠣᠪᠣᠭᠲᠤ ᠶᠢᠨ ᠪᠠᠭᠰᠢ ᠰᠢᠨᠠᠭ᠎ᠠ ᠪᠠᠷ ᠪᠢᠷ ᠪᠣᠯᠭᠠᠵᠤ᠂ ᠰᠢᠬᠢᠷ ᠢᠶᠠᠷ ᠪᠡᠭᠡ ᠪᠣᠯᠭᠠᠭᠰᠠᠨ ᠠᠴᠠ ᠨᠢᠭᠡᠨ ᠬᠤᠪᠢ ᠤᠷᠠᠨ ᠨᠠᠷᠢᠯᠢᠭ ᠰᠢᠬᠢᠷ ᠤᠨ ᠵᠢᠷᠤᠭ ᠪᠤᠢ ᠪᠣᠯᠤᠭᠰᠠᠨ ᠪᠠᠶᠢᠨ᠎ᠠ᠃ ᠡᠨᠡ ᠦᠶ᠎ᠡ ᠳᠤ ᠯᠢ ᠣᠪᠣᠭᠲᠤ ᠶᠢᠨ ᠪᠠᠭᠰᠢ ᠰᠢᠨᠠᠭ᠎ᠠ ᠪᠠᠷ ᠪᠢᠷ ᠪᠣᠯᠭᠠᠵᠤ᠂ ᠰᠢᠬᠢᠷ ᠢᠶᠠᠷ ᠪᠡᠭᠡ ᠪᠣᠯᠭᠠᠭᠰᠠᠨ ᠠᠴᠠ ᠨᠢᠭᠡᠨ ᠬᠤᠪᠢ ᠤᠷᠠᠨ ᠨᠠᠷᠢᠯᠢᠭ ᠰᠢᠬᠢᠷ ᠤᠨ ᠵᠢᠷᠤᠭ ᠪᠤᠢ ᠪᠣᠯᠪᠠ᠃ ᠬᠠᠮᠲᠤ ᠰᠤᠷᠤᠭᠴᠢᠳ ᠪᠠᠭᠰᠢ ᠶᠢᠨ ᠢᠶᠠᠨ ᠲᠠᠶᠢᠯᠪᠤᠷᠢᠯᠠᠬᠤ ᠶᠢ ᠰᠣᠨᠣᠰᠴᠤ ᠪᠠᠷᠠᠭᠰᠠᠨ ᠤ ᠳᠠᠷᠠᠭ᠎ᠠ᠂ ᠭᠠᠷ ᠬᠥᠳᠡᠯᠭᠡᠨ ᠥᠪᠡᠷ ᠤᠨ ᠭᠡᠰᠡᠨ ᠰᠢᠬᠢᠷᠲᠦ ᠱᠤᠭᠤᠮᠠᠯ ᠢᠶᠠᠨ ᠬᠢᠵᠦ ᠪᠠᠶᠢᠪᠠ᠃
     ᠲᠣᠰ ᠤᠳᠠᠭᠠᠨ ᠤ ᠠᠵᠢᠯᠯᠠᠭ᠎ᠠ ᠶᠢ ᠥᠷᠨᠢᠭᠦᠯᠦᠭᠰᠡᠨ ᠠᠴᠠ ᠨᠠᠩ ᠣᠯᠠᠨ ᠰᠤᠷᠤᠭᠴᠢᠳ ᠲᠤ ᠪᠣᠳᠠᠰ ᠤᠨ ᠪᠤᠰᠤ ᠰᠣᠶᠣᠯ ᠤᠨ ᠥᠪ ᠤᠨ ᠭᠠᠷ ᠤᠷᠠᠯᠠᠯ ᠤᠨ ︽ᠰᠢᠬᠢᠷᠲᠦ ᠱᠤᠭᠤᠮᠠᠯ︾ ᠤᠨ ᠷᠢᠳᠢ ᠰᠢᠳᠢ ᠶᠢ ᠤᠯᠠᠮ ᠨᠢᠭᠡ ᠠᠯᠬᠤᠮ ᠣᠶᠢᠯᠠᠭᠠᠭᠤᠯᠪᠠ᠃ ᠭᠠᠷ ᠤᠷᠠᠯᠠᠯ ᠤᠨ ︽ᠰᠢᠬᠢᠷᠲᠦ ᠱᠤᠭᠤᠮᠠᠯ︾ ᠤᠨ ᠪᠦᠲᠦᠭᠡᠯ ᠢ ᠭᠠᠷ ᠬᠥᠳᠡᠯᠦᠨ ᠦᠢᠯᠡᠳᠬᠦ ᠪᠠᠷ ᠳᠠᠮᠵᠢᠭᠤᠯᠤᠨ᠂ ᠰᠤᠷᠤᠭᠴᠢᠳ ᠤᠨ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠲᠤᠬᠠᠢ ᠬᠠᠶᠢᠨ ᠰᠦᠪᠡᠭᠴᠢᠯᠡᠬᠦ ᠬᠦᠰᠡᠯ ᠢ ᠬᠥᠭᠵᠢᠭᠡᠵᠦ᠂ ᠨᠠᠩ ᠴᠢᠬᠤᠯᠠ ᠨᠢ ᠰᠤᠷᠤᠭᠴᠢᠳ ᠤᠨ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠪᠠᠳᠠᠷᠠᠭᠤᠯᠬᠤ ᠤᠬᠠᠮᠰᠠᠷᠲᠤ ᠴᠢᠨᠠᠷ ᠪᠠ ᠰᠠᠨᠠᠭᠠᠴᠢᠯᠠᠭᠠᠲᠤ ᠴᠢᠨᠠᠷ ᠢ ᠬᠥᠭᠵᠢᠭᠡᠵᠦ᠂ ᠪᠣᠳᠠᠰ ᠤᠨ ᠪᠤᠰᠤ ᠰᠣᠶᠣᠯ ᠤᠨ ᠥᠪ ᠤᠨ ᠴᠡᠴᠡᠭ ᠢ ᠰᠤᠷᠭᠠᠭᠤᠯᠢ ᠶᠢᠨ ᠬᠦᠷᠢᠶᠡᠨ ᠳᠤ ᠰᠢᠨ᠎ᠡ ᠬᠡᠷᠡᠯ ᠭᠢᠯᠪᠠᠭ᠎ᠠ ᠪᠠᠨ ᠰᠠᠴᠤᠷᠠᠭᠤᠯᠬᠤ ᠪᠣᠯᠣᠨ᠎ᠠ
 
ᠢᠷᠡᠯᠲᠡ᠄ ᠪᠤᠭᠤᠲᠤ ᠬᠤᠲᠠ ᠶᠢᠨ ᠳ᠋ᠦᠩ ᠾᠧ ᠲᠣᠭᠤᠷᠢᠭ ᠤᠨ ᠰᠣᠶᠣᠯ ᠪᠡᠶ᠎ᠡ ᠶᠢᠨ ᠲᠠᠮᠢᠷ ᠤᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1