ᠳ᠋ᠦᠩ ᠾᠧ ᠲᠣᠭᠤᠷᠢᠭ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠦᠨ᠎ᠡ ᠬᠠᠩᠰᠢ ᠶᠢ ᠬᠢᠨᠠᠨ ᠬᠡᠮᠵᠢᠬᠦ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠪᠡ
ᠨᠡᠶᠢᠲᠡᠯᠡᠭᠰᠡᠨ ᠴᠠᠭ᠄
2022/9/29
      ᠳ᠋ᠦᠩ ᠾᠧ ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠠᠵᠢᠯᠲᠠᠳ ᠵᠠᠬ᠎ᠠ ᠳᠡᠯᠭᠡᠭᠦᠷ ᠤᠨ ᠦᠨ᠎ᠡ ᠬᠠᠩᠰᠢ ᠶᠢᠨ ᠬᠢᠨᠠᠨ ᠬᠡᠮᠵᠢᠯᠲᠡ ᠬᠢᠵᠦ᠂ ᠳ᠋ᠦᠩ ᠾᠧ ᠲᠣᠭᠤᠷᠢᠭ ᠤᠨ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ︵ᠶᠤᠸᠠᠨ ᠳ᠋ᠠ ᠢᠳᠡᠰᠢᠨ ᠨᠣᠭᠤᠭ᠎ᠠ ᠶᠢᠨ ᠵᠠᠬ᠎ᠠ ᠳᠡᠯᠭᠡᠭᠦᠷ᠂ ᠮᠧᠩ ᠢ ᠰᠢᠨ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ᠂ ᠶᠤᠸᠠᠨ ᠳ᠋ᠠ ᠾᠧ ᠳ᠋ᠦᠩ ᠤᠨ ᠠᠷᠠᠳ ᠲᠤ ᠲᠥᠬᠦᠮ ᠦᠵᠡᠭᠦᠯᠬᠦ ᠵᠠᠬ᠎ᠠ ᠳᠡᠯᠭᠡᠭᠦᠷ︶᠂ ᠶᠦᠩ ᠱᠧᠩ ᠴᠧᠩ ᠵᠡᠷᠭᠡ ᠣᠯᠠᠨ ᠬᠡᠲᠦ ᠳᠡᠯᠭᠡᠭᠦᠷ ᠲᠤ ᠬᠦᠷᠴᠦ᠂ ᠠᠮᠤ ᠪᠤᠳᠠᠭ᠎ᠠ᠂ ᠮᠢᠬ᠎ᠠ ᠵᠢᠭᠦᠷᠲᠡᠨ ᠥᠨᠳᠡᠭᠡ ᠶᠢᠨ ᠲᠥᠷᠥᠯ᠂ ᠢᠳᠡᠰᠢᠨ ᠨᠣᠭᠤᠭ᠎ᠠ ᠶᠢᠨ ᠲᠥᠷᠥᠯ᠂ ᠤᠰᠤᠨ ᠭᠠᠷᠤᠯᠲᠠ ᠶᠢᠨ ᠲᠥᠷᠥᠯ ᠤᠨ ᠠᠷᠠᠳ ᠤᠨ ᠠᠮᠢᠳᠤᠷᠠᠯ ᠤᠨ ᠴᠢᠬᠤᠯᠠ ᠲᠠᠸᠠᠷ ᠤᠨ ᠵᠠᠬ᠎ᠠ ᠳᠡᠯᠭᠡᠭᠦᠷ ᠤᠨ ᠬᠠᠩᠭᠠᠯᠭ᠎ᠠ ᠵᠢᠴᠢ ᠦᠨ᠎ᠡ ᠬᠠᠩᠰᠢ ᠶᠢᠨ ᠠᠵᠢᠯᠯᠠᠭᠠᠨ ᠤ ᠪᠠᠶᠢᠳᠠᠯ ᠢ ᠣᠶᠢᠯᠠᠭᠠᠪᠠ᠃      ᠨᠢᠭᠡ᠂ ᠠᠮᠤ ᠪᠤᠳᠠᠭᠠᠨ ᠤ ᠦᠨ᠎ᠡ ᠬᠠᠩᠰᠢ ᠶᠢ ᠲᠣᠭᠲᠠᠭᠤᠨ ᠪᠠᠶᠢᠯᠭᠠᠨ᠎ᠠ      ᠲᠤᠲᠤᠷᠭ᠎ᠠ ︵ᠨᠢᠭᠡᠳᠦᠭᠡᠷ ᠳᠡᠰ ᠤᠨ ᠤᠷᠲᠤ ᠮᠥᠬᠦᠯᠢᠭᠲᠦ ᠲᠤᠲᠤᠷᠭ᠎ᠠ︶ ᠶᠢᠨ ᠳᠤᠮᠳᠠᠴᠢ ᠦᠨ᠎ᠡ ᠨᠢ 4 ᠲᠥᠭᠦᠷᠢᠭ ︵500 ᠭᠷᠡᠮ᠂ ᠳᠣᠷᠣᠭᠰᠢ ᠠᠳᠠᠯᠢ︶ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠭᠦᠦ ᠪᠠᠶᠢᠳᠠᠭ ᠭᠤᠯᠢᠷ ᠤᠨ ᠳᠤᠮᠳᠠᠴᠢ ᠦᠨ᠎ᠡ ᠨᠢ 2.75 ᠲᠥᠭᠦᠷᠢᠭ ︵500 ᠭᠷᠡᠮ᠂ ᠳᠣᠷᠣᠭᠰᠢ ᠠᠳᠠᠯᠢ︶ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠭᠦᠦ ᠪᠠᠶᠢᠳᠠᠭ᠃      ᠬᠤᠶᠠᠷ᠂ ᠢᠳᠡᠰᠢᠨ ᠤ ᠤᠷᠭᠤᠮᠠᠯ ᠤᠨ ᠲᠣᠰᠣᠨ ᠤ ᠦᠨ᠎ᠡ ᠲᠣᠭᠲᠠᠭᠤᠨ ᠪᠠᠶᠢᠬᠤ ᠶᠢ ᠪᠠᠲᠤᠯᠠᠪᠠ      ᠰᠠᠭᠤᠯᠭᠠᠨ ᠳᠤ ᠰᠠᠪᠠᠯᠠᠭᠰᠠᠨ 5 ᠯᠢᠲᠷ ᠯᠣᠬᠠᠱᠧᠩ ᠤᠨ ᠲᠣᠰᠣᠨ ᠤ ᠳᠤᠮᠳᠠᠴᠢ ᠦᠨ᠎ᠡ ᠨᠢ ᠰᠠᠭᠤᠯᠠᠭ᠎ᠠ ᠪᠦᠷᠢ ᠳᠡᠭᠡᠨ 138.00 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠰᠠᠭᠤᠯᠭᠠᠨ ᠳᠤ ᠰᠠᠪᠠᠯᠠᠭᠰᠠᠨ 5 ᠯᠢᠲᠷ ᠰᠢᠷ᠎ᠠ ᠪᠤᠷᠴᠠᠭ ᠤᠨ ᠲᠣᠰᠣᠨ ᠤ ᠳᠤᠮᠳᠠᠴᠢ ᠬᠤᠳᠠᠯᠳᠤᠬᠤ ᠦᠨ᠎ᠡ ᠨᠢ ᠰᠠᠭᠤᠯᠠᠭ᠎ᠠ ᠪᠦᠷᠢ ᠳᠡᠭᠡᠨ 63.00 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠰᠠᠭᠤᠯᠠᠭ᠎ᠠ ᠳᠤ ᠰᠠᠪᠠᠯᠠᠭᠰᠠᠨ ᠨᠢᠭᠡᠳᠦᠭᠡᠷ ᠳᠡᠰ ᠤᠨ ᠰᠢᠬᠠᠮᠠᠯ ᠨᠣᠭᠤᠭ᠎ᠠ ᠶᠢᠨ ᠦᠷ᠎ᠡ ᠶᠢᠨ ᠲᠣᠰᠣᠨ ᠤ ᠳᠤᠮᠳᠠᠴᠢ ᠦᠨ᠎ᠡ ᠨᠢ 103.00 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠴᠥᠮ ᠲᠡᠩᠴᠡᠨ᠎ᠡ᠃      ᠭᠤᠷᠪᠠ᠂ ᠭᠠᠭ᠋ᠠᠢ ᠶᠢᠨ ᠮᠢᠬ᠎ᠠ ᠶᠢᠨ ᠦᠨ᠎ᠡ ᠲᠣᠭᠲᠠᠭᠤᠨ ᠪᠠᠶᠢᠵᠤ᠂ ᠲᠠᠬᠢᠶᠠᠨ ᠥᠨᠳᠡᠭᠡ ᠶᠢᠨ ᠦᠨ᠎ᠡ ᠥᠰᠴᠦ᠂ ᠦᠬᠡᠷ ᠤᠨ ᠮᠢᠬ᠎ᠠ᠂ ᠬᠤᠨᠢᠨ ᠮᠢᠬ᠎ᠠ ᠶᠢᠨ ᠦᠨ᠎ᠡ ᠲᠣᠭᠲᠠᠭᠤᠨ ᠪᠠᠶᠢᠬᠤ ᠶᠢ ᠪᠠᠲᠤᠯᠠᠪᠠ      ᠭᠠᠭ᠋ᠠᠢ ᠶᠢᠨ ᠮᠢᠬ᠎ᠠ ︵ᠬᠥᠯ ᠤᠨ ᠮᠢᠬ᠎ᠠ︶ ᠶᠢᠨ ᠳᠤᠮᠳᠠᠴᠢ ᠦᠨ᠎ᠡ ᠨᠢ 17 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠦᠬᠡᠷ ᠤᠨ ᠮᠢᠬᠠᠨ ᠤ ᠳᠤᠮᠳᠠᠴᠢ ᠦᠨ᠎ᠡ ᠨᠢ 38.00 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠬᠤᠨᠢᠨ ᠮᠢᠬ᠎ᠠ ᠶᠢᠨ ᠳᠤᠮᠳᠠᠴᠢ ᠦᠨ᠎ᠡ ᠨᠢ 36.00 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠲᠠᠬᠢᠶᠠᠨ ᠥᠨᠳᠡᠭᠡ ᠶᠢᠨ ᠳᠤᠮᠳᠠᠴᠢ ᠦᠨ᠎ᠡ ᠨᠢ 6.4 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠠᠴᠠ 6.4% ᠪᠠᠷ ᠥᠰᠪᠡ᠃ᠬᠢᠨᠠᠨ ᠬᠡᠮᠵᠢᠭᠰᠡᠨ ᠪᠠᠶᠢᠳᠠᠯ ᠠᠴᠠ ᠦᠵᠡᠪᠡᠯ᠂ ᠲᠣᠰ ᠭᠠᠷᠠᠭ ᠤᠨ ᠲᠠᠬᠢᠶᠠᠨ ᠥᠨᠳᠡᠭᠡ ᠶᠢᠨ ᠬᠠᠮᠤᠭ ᠤᠨ ᠳᠣᠣᠷ᠎ᠠ ᠦᠨ᠎ᠡ ᠨᠢ 6.2 ᠲᠥᠭᠦᠷᠢᠭ᠂ ᠬᠠᠮᠤᠭ ᠤᠨ ᠥᠨᠳᠥᠷ ᠦᠨ᠎ᠡ ᠨᠢ 6.5 ᠲᠥᠭᠦᠷᠢᠭ ᠪᠣᠯᠣᠨ᠎ᠠ᠃      ᠳᠥᠷᠪᠡ᠂ ᠤᠰᠤᠨ ᠭᠠᠷᠤᠯᠲᠠ ᠶᠢᠨ ᠲᠥᠷᠥᠯ ᠤᠨ ᠦᠨ᠎ᠡ ᠬᠠᠩᠰᠢ ᠥᠰᠪᠡ      ᠭᠢᠶᠡᠯᠲᠤ ᠵᠢᠭᠠᠰᠤᠨ ᠤ ᠳᠤᠮᠳᠠᠴᠢ ᠦᠨ᠎ᠡ ᠨᠢ 14 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠲᠠᠢ ᠲᠡᠩᠴᠡᠨ᠎ᠡ︔ᠠᠮᠤᠷ ᠵᠢᠭᠠᠰᠤᠨ ᠤ ᠳᠤᠮᠳᠠᠴᠢ ᠦᠨ᠎ᠡ ᠨᠢ 9.5 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ  ᠬᠢ ᠠᠴᠠ 12% ᠥᠰᠪᠡ︔ᠮᠥᠷᠭᠦ ᠵᠢᠭᠠᠰᠤᠨ ᠤ ᠳᠤᠮᠳᠠᠴᠢ ᠦᠨ᠎ᠡ ᠨᠢ 8 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠠᠴᠠ 6.7% ᠪᠠᠷ ᠥᠰᠪᠡ᠃      ᠲᠠᠪᠤ᠂ ᠢᠳᠡᠰᠢᠨ ᠨᠣᠭᠤᠭ᠎ᠠ ᠶᠢᠨ ᠦᠨ᠎ᠡ ᠥᠰᠪᠡ      ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠤᠨ ᠬᠢᠨᠠᠨ ᠬᠡᠮᠵᠢᠭᠰᠡᠨ ᠪᠠᠶᠢᠳᠠᠯ ᠠᠴᠠ ᠦᠵᠡᠪᠡᠯ᠂ 18 ᠵᠦᠢᠯ ᠤᠨ ᠢᠳᠡᠰᠢᠨ ᠨᠣᠭᠤᠭ᠎ᠠ ᠶᠢᠨ ᠭᠠᠷᠠᠭ ᠤᠨ ᠳᠤᠮᠳᠠᠴᠢ ᠦᠨ᠎ᠡ ᠨᠢ 2.35 ᠲᠥᠭᠦᠷᠢᠭ ᠪᠠᠶᠢᠵᠤ᠂ ᠳᠡᠭᠡᠷ᠎ᠡ ᠭᠠᠷᠠᠭ ᠤᠨ ᠬᠢ ᠠᠴᠠ 6.3% ᠪᠠᠷ ᠥᠰᠴᠡᠢ᠃
 
ᠢᠷᠡᠯᠲᠡ᠄ ᠳ᠋ᠦᠩ ᠾᠧ ᠲᠣᠭᠤᠷᠢᠭ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1