2022 ᠣᠨ ᠳᠤ ᠪᠤᠭᠤᠲᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠢᠯ ᠡᠷᠬᠢᠯᠡᠭᠰᠡᠳ ᠤᠨ ᠬᠡᠰᠡᠭ ᠬᠥᠳᠡᠯᠮᠦᠷᠢ ᠬᠦᠴᠦᠨ ᠤ ᠵᠠᠬ᠎ᠠ ᠳᠡᠯᠭᠡᠭᠦᠷ ᠤᠨ ᠴᠠᠯᠢᠩ ᠤᠨ ᠵᠢᠯᠣᠭᠤᠳᠤᠮᠵᠢ ᠦᠨ᠎ᠡ ᠶᠢᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠦᠨᠡᠯᠡᠨ ᠵᠢᠱᠢᠵᠦ ᠵᠠᠷᠯᠠᠨ ᠨᠡᠶᠢᠲᠡᠯᠡᠨ᠎ᠡ
ᠨᠡᠶᠢᠲᠡᠯᠡᠭᠰᠡᠨ ᠴᠠᠭ᠄
2022/4/6
     ᠵᠠᠰᠠᠭ ᠤᠨ ᠣᠷᠳᠣᠨ ᠰᠢᠨᠵᠢᠯᠡᠬᠦ ᠤᠬᠠᠭᠠᠨᠴᠢ ᠪᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ᠂ ᠠᠷᠠᠳᠴᠢᠯᠠᠯ ᠢᠶᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ ᠪᠠ ᠬᠠᠤᠯᠢ ᠶᠣᠰᠣᠭᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ  ᠶᠢ ᠠᠬᠢᠭᠤᠯᠬᠤ ᠶᠢᠨ ᠲᠥᠯᠥᠭᠡ᠂ ︽ᠤᠯᠤᠰ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠴᠢᠬᠤᠯᠠ ᠶᠡᠭᠡ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠨᠡᠶᠢᠭᠡᠮ ᠤᠨ ᠲᠣᠭᠲᠠᠭᠤᠨ ᠪᠠᠶᠢᠳᠠᠯ ᠤᠨ ᠠᠶᠤᠯ ᠲᠦᠭᠰᠢᠭᠦᠷᠢ ᠶᠢ ᠦᠨᠡᠯᠡᠨ ᠵᠢᠱᠢᠬᠦ ᠲᠦᠷ ᠬᠡᠷᠡᠭᠵᠢᠭᠦᠯᠬᠦ ᠠᠷᠭ᠎ᠠ ᠶᠢᠨ ᠮᠡᠳᠡᠭᠳᠡᠯ︾ ︵ᠬᠥᠭᠵᠢᠭᠦᠯᠦᠯᠲᠡ ᠥᠭᠡᠷᠡᠴᠢᠯᠡᠯᠲᠡ ᠶᠢᠨ ᠪᠡᠯᠡ ᠣᠷᠣᠭᠤᠯᠤᠯᠲᠠ ﹇2012﹈ 2492 ᠳ᠋ᠤᠭᠠᠷ ᠲᠣᠭᠠᠲᠤ︶ ᠵᠡᠷᠭᠡ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ  ᠶᠢ ᠦᠨᠳᠦᠰᠦᠯᠡᠨ᠂ 2020 ᠣᠨ ᠤ ᠪᠤᠭᠤᠲᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠢᠯ ᠡᠷᠬᠢᠯᠡᠭᠰᠡᠳ ᠤᠨ ᠬᠡᠰᠡᠭ ᠬᠥᠳᠡᠯᠮᠦᠷᠢ ᠬᠦᠴᠦᠨ ᠤ ᠵᠠᠬ᠎ᠠ ᠳᠡᠯᠭᠡᠭᠦᠷ ᠤᠨ ᠴᠠᠯᠢᠩ ᠤᠨ ᠵᠢᠯᠤᠭᠤᠳᠬᠤ ᠦᠨ᠎ᠡ ᠶᠢᠨ ᠪᠠᠶᠢᠷᠢ ᠶᠢᠨ ᠨᠡᠶᠢᠭᠡᠮ ᠤᠨ ᠲᠣᠭᠲᠠᠭᠤᠨ ᠤ ᠲᠦᠭᠰᠢᠭᠦᠷᠢ ᠶᠢ ᠦᠨᠡᠯᠡᠨ ᠵᠢᠱᠢᠬᠦ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠲᠣᠰ ᠲᠥᠷᠥᠯ ᠵᠦᠢᠯ ᠢ ᠵᠢᠯᠣᠭᠤᠳᠤᠨ ᠬᠡᠷᠡᠭᠵᠢᠭᠦᠯᠬᠦ ᠪᠠ ᠬᠠᠮᠲᠤᠯᠢᠭ ᠤᠨ ᠠᠰᠢᠭ ᠲᠤᠰᠠ ᠳᠤ ᠬᠤᠯᠪᠣᠭᠳᠠᠬᠤ ᠶᠢ ᠠᠩᠬᠠᠷᠤᠭᠰᠠᠳ ᠲᠤ ᠢᠯᠡ ᠨᠡᠶᠢᠲᠡᠯᠡᠨ᠎ᠡ᠃ᠨᠢᠭᠡ᠂ ᠲᠥᠷᠥᠯ ᠵᠦᠢᠯ ᠤᠨ ᠦᠨᠳᠦᠰᠦᠨ ᠪᠠᠶᠢᠳᠠᠯ      2011 ᠣᠨ  ᠠᠴᠠ ᠨᠠᠰᠢ ᠤᠯᠤᠰ ᠤᠨ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ᠂ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠵᠢᠯ ᠪᠦᠷᠢ ᠠᠵᠤ ᠠᠬᠤᠶᠢᠯᠠᠯ ᠤᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠢᠯ ᠤᠨ ᠡᠭᠦᠷᠭᠡ ᠶᠢ ᠪᠠᠶᠢᠷᠢᠯᠠᠭᠤᠯᠵᠤ᠂ ᠠᠵᠤ ᠠᠬᠤᠶᠢᠯᠠᠯ ᠤᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠴᠠᠯᠢᠩ ᠤᠨ ᠵᠢᠯᠤᠭᠤᠳᠬᠤ ᠦᠨ᠎ᠡ ᠬᠠᠩᠰᠢ ᠪᠣᠯ ᠵᠠᠰᠠᠭ ᠤᠨ ᠣᠷᠳᠣᠨ  ᠠᠴᠠ ᠨᠡᠶᠢᠭᠡᠮ ᠳᠤ ᠨᠡᠶᠢᠲᠡᠯᠡᠭᠰᠡᠨ ᠨᠢᠭᠡ ᠵᠦᠢᠯ ᠤᠨ ᠬᠥᠮᠥᠨ ᠤ ᠬᠦᠴᠦᠨ ᠤ ᠡᠬᠢ ᠪᠠᠶᠠᠯᠢᠭ ᠤᠨ ᠴᠠᠯᠢᠩ ᠤᠨ ᠦᠨ᠎ᠡ ᠶᠢᠨ ᠳᠣᠬᠢᠶ᠎ᠠ ᠮᠥᠨ᠂ ᠲᠡᠷᠡ ᠨᠢ ᠵᠢᠭᠠᠪᠤᠷᠢ ᠶᠢᠨ ᠴᠢᠨᠠᠷ ᠦᠭᠡᠢ᠂ ᠵᠥᠪᠬᠡᠨ ᠵᠢᠯᠤᠭᠤᠳᠬᠤ ᠴᠢᠨᠠᠷ ᠲᠠᠢ ᠪᠠᠶᠢᠵᠤ᠂ ᠬᠥᠮᠥᠨ ᠤ ᠬᠦᠴᠦᠨ ᠤ ᠡᠬᠢ ᠪᠠᠶᠠᠯᠢᠭ ᠤᠨ ᠵᠠᠬ᠎ᠠ ᠳᠡᠯᠭᠡᠭᠦᠷ ᠲᠤ ᠵᠦᠢ ᠵᠣᠬᠢᠰᠲᠠᠢ ᠰᠢᠯᠵᠢᠬᠦ ᠶᠢ ᠳᠠᠭᠠᠭᠤᠯᠬᠤ᠃      ᠲᠣᠰ ᠤᠳᠠᠭᠠᠨ ᠤ ᠪᠤᠭᠤᠲᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠳᠤ ᠤᠯᠤᠰ ᠤᠨ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ᠂ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠤᠨ ᠠᠵᠤ ᠠᠬᠤᠶᠢᠯᠠᠯ ᠤᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠢᠯ ᠤᠨ ᠡᠭᠦᠷᠭᠡ ᠶᠢᠨ ᠶᠣᠰᠣᠭᠠᠷ ᠪᠠᠶᠢᠴᠠᠭᠠᠯᠲᠠ ᠬᠢᠬᠦ ᠳᠤ᠂ 2020 ᠣᠨ ᠳᠤ ᠮᠠᠨ ᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠤ ᠠᠬᠤᠶᠢᠯᠠᠯ 1146 ᠡᠷᠦᠬᠡ ᠪᠠᠶᠢᠵᠤ᠂ 18 ᠠᠵᠢᠯ ᠲᠥᠷᠥᠯ ᠤᠨ ᠲᠥᠷᠥᠯ ︵90 ᠶᠡᠭᠡ ᠲᠥᠷᠥᠯ︶ ᠤᠨ ᠡᠯ᠎ᠡ ᠲᠥᠷᠥᠯ ᠤᠨ ᠪᠦᠷᠢᠳᠬᠡᠨ ᠳᠠᠩᠰᠠᠯᠠᠭᠤᠯᠤᠭᠰᠠᠨ ᠲᠥᠷᠥᠯ ᠬᠡᠯᠪᠡᠷᠢ ᠶᠢᠨ ᠠᠵᠤ ᠠᠬᠤᠶᠢᠯᠠᠯ ᠳᠤ ᠬᠤᠯᠪᠣᠭᠳᠠᠵᠤ᠂ 123321 ᠠᠵᠢᠯᠲᠠᠨ ᠠᠵᠢᠯᠴᠢᠨ ᠳᠤ ᠬᠤᠯᠪᠣᠭᠳᠠᠵᠠᠢ᠃ᠡᠭᠦᠨ ᠳᠤ ᠭᠤᠣᠯᠳᠠᠭᠤ ᠠᠵᠤ ᠠᠬᠤᠶᠢᠯᠠᠯ ᠤᠨ ᠠᠳᠠᠯᠢ ᠪᠤᠰᠤ ᠠᠵᠢᠯ ᠮᠡᠷᠭᠡᠵᠢᠯ᠂ ᠠᠳᠠᠯᠢ ᠪᠤᠰᠤ ᠠᠵᠢᠯ ᠤᠨ ᠪᠠᠶᠢᠷᠢ ᠶᠢᠨ ᠲᠠᠰ ᠤᠨ ᠠᠵᠢᠯ ᠡᠷᠬᠢᠯᠡᠭᠰᠡᠳ ᠤᠨ ᠴᠠᠯᠢᠩ ᠤᠨ ᠦᠨ᠎ᠡ ᠶᠢᠨ ᠲᠤᠭ᠎ᠠ ᠪᠠᠷᠢᠮᠲᠠ ᠪᠠᠭᠲᠠᠨ᠎ᠠ‌‍ᠡᠯ᠎ᠡ ᠵᠦᠢᠯ ᠤᠨ ᠲᠤᠭ᠎ᠠ ᠪᠠᠷᠢᠮᠲᠠ ᠨᠢ ᠨᠡᠯᠢᠶᠡᠳ ᠴᠢᠩᠭ᠎ᠠ ᠲᠥᠯᠥᠭᠡᠯᠡᠬᠦ ᠴᠢᠨᠠᠷ ᠪᠠ ᠵᠢᠯᠤᠭᠤᠳᠬᠤ ᠴᠢᠨᠠᠷ ᠲᠠᠢ ᠪᠠᠶᠢᠳᠠᠭ᠃ᠳᠣᠣᠷᠠᠬᠢ ᠪᠣᠯ 2020 ᠣᠨ ᠤ ᠪᠤᠭᠤᠲᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠠᠵᠢᠯᠲᠠᠨ ᠤ ᠬᠡᠰᠡᠭ ᠬᠥᠳᠡᠯᠮᠦᠷᠢ ᠬᠦᠴᠦᠨ ᠤ ᠵᠠᠬ᠎ᠠ ᠳᠡᠯᠭᠡᠭᠦᠷ ᠤᠨ ᠴᠠᠯᠢᠩ ᠤᠨ ᠵᠢᠯᠤᠭᠤᠳᠬᠤ ᠦᠨ᠎ᠡ ᠶᠢᠨ ᠲᠦᠪᠰᠢᠨ ᠢ ᠨᠡᠶᠢᠲᠡᠯᠡᠬᠦ ᠪᠠᠷ ᠪᠠᠶᠢᠭ᠎ᠠ ᠪᠠᠶᠢᠳᠠᠯ ᠪᠣᠯᠣᠨ᠎ᠠ᠄ ᠨᠡᠶᠢᠲᠡᠯᠡᠬᠦ ᠪᠠᠷ ᠪᠠᠶᠢᠭ᠎ᠠ ᠦᠭᠡᠢ ᠠᠵᠢᠯ ᠮᠡᠷᠭᠡᠵᠢᠯ ᠤᠨ ᠪᠠᠭ᠎ᠠ ᠲᠥᠷᠥᠯ ᠢ ᠭᠠᠷᠭᠠᠪᠠᠯ᠂ 2020 ᠣᠨ ᠳᠤ ᠪᠤᠭᠤᠲᠤ ᠬᠤᠲᠠ ᠶᠢᠨ ᠴᠠᠯᠢᠩ ᠬᠥᠯᠥᠰᠦ ᠶᠢᠨ ᠪᠠᠶᠢᠴᠠᠭᠠᠯᠲᠠ ᠶᠢᠨ ᠬᠡᠰᠡᠭ ᠬᠥᠳᠡᠯᠮᠦᠷᠢ ᠬᠦᠴᠦᠨ ᠤ ᠵᠠᠬ᠎ᠠ ᠳᠡᠯᠭᠡᠭᠦᠷ ᠤᠨ ᠴᠠᠯᠢᠩ ᠤᠨ ᠵᠢᠯᠤᠭᠤᠳᠬᠤ ᠦᠨ᠎ᠡ ᠶᠢᠨ ᠲᠦᠪᠰᠢᠨ ᠢ 104 ᠠᠵᠢᠯ ᠮᠡᠷᠭᠡᠵᠢᠯ ᠤᠨ ᠪᠠᠭ᠎ᠠ ᠲᠥᠷᠥᠯ ᠢ ᠨᠡᠶᠢᠲᠡᠯᠡᠬᠦ ᠪᠠᠷ ᠪᠣᠶ᠃ᠴᠠᠯᠢᠩ ᠤᠨ ᠳᠣᠣᠷ᠎ᠠ ᠪᠠᠶᠢᠷᠢ ᠶᠢᠨ ᠲᠤᠭ᠎ᠠ ︵10%︶᠂ ᠴᠠᠯᠢᠩ ᠤᠨ ᠳᠣᠣᠷ᠎ᠠ ᠳᠥᠷᠪᠡᠨ ᠬᠤᠪᠢ ᠶᠢᠨ ᠣᠷᠣᠨ ᠤ ᠲᠤᠭ᠎ᠠ ︵25%︶ ᠂ ᠴᠠᠯᠢᠩ ᠤᠨ ᠳᠤᠮᠳᠠ ᠪᠠᠶᠢᠷᠢ ᠶᠢᠨ ᠲᠤᠭ᠎ᠠ ︵50%︶᠂ ᠴᠠᠯᠢᠩ ᠤᠨ ᠳᠡᠭᠡᠷ᠎ᠡ ᠳᠥᠷᠪᠡᠨ ᠬᠤᠪᠢ ᠶᠢᠨ ᠣᠷᠣᠨ ᠤ ᠲᠤᠭ᠎ᠠ ︵75%︶᠂ ᠴᠠᠯᠢᠩ ᠤᠨ ᠥᠨᠳᠥᠷ ᠪᠠᠶᠢᠷᠢ ᠶᠢᠨ ᠲᠤᠭ᠎ᠠ ︵90%︶ ᠶᠢ ᠲᠣᠰ ᠲᠣᠰ ᠨᠡᠶᠢᠲᠡᠯᠡᠨ᠎ᠡ᠃ᠣᠷᠣᠨ ᠬᠤᠪᠢᠶᠠᠭᠰᠠᠨ ᠬᠡᠮᠵᠢᠭᠳᠡᠯ ᠭᠡᠳᠡᠭ ᠨᠢ ᠲᠤᠭ᠎ᠠ ᠪᠠᠷᠢᠮᠲᠠ ᠶᠢ ᠳᠣᠣᠷ᠎ᠠ ᠠᠴᠠ ᠥᠨᠳᠥᠷ ᠪᠣᠯᠭᠠᠨ ᠵᠢᠭᠰᠠᠭᠠᠵᠤ᠂ ᠴᠤᠪᠤᠭ᠎ᠠ ᠲᠣᠭᠠᠨ ᠤ ᠳᠣᠲᠣᠷ᠎ᠠ ᠵᠣᠬᠢᠴᠠᠩᠭᠤᠢ ᠵᠠᠭᠤᠨ ᠤ ᠬᠠᠷᠢᠴᠠᠯ ᠤᠨ ᠪᠠᠶᠢᠷᠢᠨ ᠳᠤ ᠪᠠᠶᠢᠭ᠎ᠠ ᠲᠤᠭ᠎ᠠ ᠪᠠᠷᠢᠮᠲᠠ ᠶᠢ ᠵᠢᠭᠠᠵᠤ ᠪᠠᠶᠢᠨ᠎ᠠ᠂ ᠲᠡᠷᠡ ᠨᠢ ᠵᠣᠬᠢᠴᠠᠩᠭᠤᠢ ᠬᠠᠷᠢᠴᠠᠯ ᠲᠠᠢ ᠲᠤᠭ᠎ᠠ ᠪᠠᠷᠢᠮᠲᠠ ᠨᠢ ᠲᠤᠰ ᠲᠣᠭᠠᠨ ᠤ ᠲᠤᠰᠢᠶᠠᠯ ᠠᠴᠠ ᠳᠣᠣᠷ᠎ᠠ ᠪᠤᠶᠤ ᠲᠡᠩᠴᠡᠭᠦᠦ ᠪᠠᠶᠢᠬᠤ ᠶᠢ ᠢᠯᠡᠳᠬᠡᠨ᠎ᠡ᠃ᠬᠤᠶᠠᠷ᠂ ᠣᠯᠠᠨ ᠨᠡᠶᠢᠲᠡ ᠶᠢᠨ ᠰᠠᠨᠠᠯ ᠢ ᠬᠤᠷᠢᠶᠠᠬᠤ ᠬᠦᠷᠢᠶ᠎ᠡ ᠬᠡᠪᠴᠢᠶ᠎ᠡ ᠪᠠ ᠭᠤᠣᠯ ᠪᠣᠯᠬᠤ ᠵᠦᠢᠯ ᠤᠳ ᠬᠡᠷᠡᠭ ᠶᠠᠪᠤᠳᠠᠯ      ︽ᠤᠯᠤᠰ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠴᠢᠬᠤᠯᠠ ᠶᠡᠭᠡ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ  ᠤᠨ ᠨᠡᠶᠢᠭᠡᠮ  ᠤᠨ ᠲᠣᠭᠲᠠᠭᠤᠨ ᠤ ᠲᠦᠭᠰᠢᠭᠦᠷᠢ ᠶᠢ ᠦᠨᠡᠯᠡᠨ ᠵᠢᠱᠢᠬᠦ ᠲᠥᠷ ᠬᠡᠷᠡᠭᠵᠢᠭᠦᠯᠬᠦ ᠠᠷᠭ᠎ᠠ︾ ︵ᠬᠥᠭᠵᠢᠭᠦᠯᠦᠯᠲᠡ ᠥᠭᠡᠷᠡᠴᠢᠯᠡᠯᠲᠡ ᠶᠢᠨ ᠪᠡᠯᠡ ᠣᠷᠣᠭᠤᠯᠤᠯᠲᠠ 〔2012〕 2492 ᠟ᠳᠤᠭᠠᠷ ᠲᠣᠭᠠᠲᠤ︶ ᠶᠢ ᠦᠨᠳᠦᠰᠦᠯᠡᠨ᠂ ᠡᠳᠦᠭᠡ ᠲᠤᠰ ᠪᠠᠷᠢᠯᠭ᠎ᠠ ᠶᠢ ᠨᠡᠶᠢᠳᠡ ᠲᠤ ᠵᠠᠷᠯᠠᠶ᠎ᠠ᠂ ᠭᠤᠣᠯᠳᠠᠭᠤ ᠳᠣᠣᠷᠠᠬᠢ ᠬᠡᠳᠦᠨ ᠲᠠᠯ᠎ᠠ ᠪᠠᠷ ᠤᠯᠠᠨ ᠨᠡᠶᠢᠲᠡ ᠠᠴᠠ ᠲᠤᠰ ᠪᠠᠷᠢᠯᠭ᠎ᠠ ᠶᠢᠨ ᠲᠤᠬᠠᠢ ᠰᠠᠨᠠᠯ ᠬᠤᠷᠢᠶᠠᠶ᠎ᠠ᠂ ᠬᠡᠷᠪᠡ ᠪᠤᠰᠤᠳ ᠲᠠᠯ᠎ᠠ ᠶᠢᠨ ᠰᠠᠨᠠᠯ ᠪᠤᠶᠤ ᠰᠠᠨᠠᠭᠤᠯᠭ᠎ᠠ ᠪᠠᠶᠢᠪᠠᠯ ᠪᠠᠰᠠ ᠳᠤᠷᠠᠳᠴᠤ ᠪᠣᠯᠣᠨ᠎ᠠ᠄1.ᠲᠠ ᠲᠤᠰ ᠲᠥᠰᠥᠯ ᠤᠨ ᠵᠢᠭᠠᠨ ᠵᠢᠯᠤᠭᠤᠳᠬᠤ ᠦᠨ᠎ᠡ ᠶᠢ ᠲᠤᠭᠤᠷᠪᠢᠨ ᠲᠣᠭᠲᠠᠭᠠᠬᠤ ᠶᠢ ᠵᠥᠪᠰᠢᠶᠡᠷᠡᠨ᠎ᠡ ᠦᠸ︖2. ᠲᠠᠨ ᠤ ᠦᠵᠡᠬᠦ ᠪᠠᠷ ᠲᠤᠰ ᠲᠥᠰᠥᠯ ᠢ ᠲᠤᠭᠤᠷᠪᠢᠨ ᠲᠣᠭᠲᠠᠭᠠᠭᠰᠠᠨ ᠵᠢᠯᠤᠭᠤᠳᠬᠤ ᠦᠨ᠎ᠡ ᠶᠢᠨ ᠲᠤᠬᠠᠢ ᠶᠢᠨ ᠭᠠᠵᠠᠷ ᠤᠨ ᠠᠵᠤ ᠠᠬᠤᠢ ᠶᠢᠨ ᠣᠷᠣᠯᠭ᠎ᠠ ᠳᠤ ᠦᠵᠡᠭᠦᠯᠬᠦ ᠨᠥᠯᠥᠭᠡ᠃3. ᠲᠠᠨ ᠤ ᠦᠵᠡᠬᠦ ᠪᠠᠷ ᠲᠤᠰ ᠲᠥᠰᠥᠯ ᠢ ᠲᠤᠭᠤᠷᠪᠢᠨ ᠲᠣᠭᠲᠠᠭᠠᠭᠰᠠᠨ ᠵᠢᠯᠤᠭᠤᠳᠬᠤ ᠦᠨ᠎ᠡ ᠶᠢᠨ ᠲᠠᠨ ᠤ ᠲᠤᠰ ᠬᠥᠮᠥᠨ ᠤ ᠠᠵᠢᠯ᠂ ᠠᠮᠢᠳᠤᠷᠠᠯ ᠳᠤ ᠦᠵᠡᠭᠦᠯᠬᠦ ᠨᠥᠯᠥᠭᠡ᠃4᠂ ᠪᠤᠰᠤᠳ ᠰᠠᠨᠠᠯ ᠪᠠ ᠰᠠᠨᠠᠭᠤᠯᠭ᠎ᠠ᠃ᠭᠤᠷᠪᠠ᠂ ᠣᠯᠠᠨ ᠨᠡᠶᠢᠲᠡ ᠶᠢᠨ ᠣᠷᠤᠯᠴᠠᠬᠤ ᠠᠷᠭ᠎ᠠ ᠮᠠᠶ᠋ᠢᠭ      ᠲᠠᠨ ᠤ ᠲᠣᠰ ᠢᠨᠵᠧᠨᠧᠷᠢᠩ ᠤᠨ ᠲᠤᠬᠠᠢ ᠰᠠᠨᠠᠯ ᠪᠤᠶᠤ ᠰᠠᠨᠠᠭᠤᠯᠭ᠎ᠠ ᠪᠠᠨ ᠵᠠᠷᠯᠠᠨ ᠨᠡᠶᠢᠲᠡᠯᠡᠭᠰᠡᠨ ᠡᠳᠦᠷ ᠠᠴᠠ ᠡᠬᠢᠯᠡᠨ 15 ᠡᠳᠦᠷ ᠤᠨ ᠳᠣᠲᠣᠷ᠎ᠠ ᠳ᠋ᠢᠶᠠᠩᠬᠤᠸᠠ᠂ ᠹᠠᠺᠰ᠂ ᠰᠢᠤᠳᠠᠨ ᠤ ᠵᠦᠢᠯ᠂ ᠵᠠᠬᠢᠳᠠᠯ ᠵᠡᠷᠭᠡ ᠠᠷᠭ᠎ᠠ ᠮᠠᠶ᠋ᠢᠭ ᠢᠶᠠᠷ ᠪᠢᠳᠡᠨ ᠳᠤ ᠬᠠᠷᠢᠭᠤ ᠲᠤᠰᠬᠠᠵᠤ ᠪᠣᠯᠣᠨ᠎ᠠ᠃ᠲᠠᠨ ᠤ ᠰᠠᠨᠠᠯ ᠪᠠ ᠰᠠᠨᠠᠭᠤᠯᠭ᠎ᠠ ᠲᠤᠰ ᠲᠥᠰᠥᠯ ᠢ ᠲᠤᠭᠤᠷᠪᠢᠨ ᠲᠣᠭᠲᠠᠭᠠᠭᠰᠠᠨ ᠵᠢᠯᠤᠭᠤᠳᠬᠤ ᠦᠨ᠎ᠡ ᠳᠤ ᠢᠳᠡᠪᠬᠢᠲᠡᠢ ᠠᠴᠢ ᠬᠤᠯᠪᠣᠭᠳᠠᠯ ᠲᠠᠢ ᠶᠤᠮ᠂ ᠡᠡ᠊ᠨᠳᠡ ᠲᠠᠨ ᠤ ᠢᠳᠡᠪᠬᠢᠲᠡᠢ ᠣᠷᠣᠯᠴᠠᠭᠰᠠᠨ ᠳᠤ ᠪᠢᠳᠡ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠨ᠎ᠠ!ᠳᠥᠷᠪᠡ᠂ ᠨᠡᠶᠢᠭᠡᠮ ᠤᠨ ᠲᠣᠭᠲᠠᠭᠤᠨ ᠤ ᠲᠦᠭᠰᠢᠭᠦᠷᠢ ᠶᠢ ᠦᠨᠡᠯᠡᠨ ᠵᠢᠱᠢᠬᠦ ᠨᠢᠭᠡᠴᠡ ᠶᠢᠨ ᠨᠡᠷᠡᠶᠢᠳᠦᠯ ᠵᠢᠴᠢ ᠬᠠᠷᠢᠯᠴᠠᠬᠤ ᠠᠷᠭ᠎ᠠ ᠮᠠᠶ᠋ᠢᠭᠨᠢᠭᠡᠴᠡ ᠶᠢᠨ ᠨᠡᠷᠡᠶᠢᠳᠦᠯ᠄ ᠪᠤᠭᠤᠲᠤ ᠬᠤᠲᠠ ᠶᠢᠨ ᠠᠷᠠᠳ ᠲᠤ ᠠᠰᠢᠭ ᠬᠦᠷᠲᠡᠭᠡᠬᠦ ᠨᠡᠶᠢᠭᠡᠮ ᠤᠨ ᠲᠦᠭᠰᠢᠭᠦᠷᠢ ᠶᠢ ᠦᠨᠡᠯᠡᠨ ᠵᠢᠱᠢᠬᠦ ᠪᠣᠯᠪᠠᠰᠤᠷᠠᠭᠤᠯᠤᠯ ᠤᠨ ᠲᠥᠪᠬᠠᠶ᠋ᠢᠭ᠄ ᠪᠤᠭᠤᠲᠤ ᠬᠤᠲᠠ ᠶᠢᠨ ᠵᠢᠦ ᠶᠤᠸᠠᠨ ᠲᠣᠭᠤᠷᠢᠭ ᠤᠨ ᠵᠢᠶᠠᠨ ᠬᠤᠸᠠ ᠵᠠᠮ ᠤᠨ 1 ᠳ᠋ᠦᠭᠡᠷ ᠨᠣᠮᠧᠷᠲᠤ ᠲᠢᠶᠠᠨ ᠹᠦ᠋ ᠲᠠᠯᠠᠪᠠᠶ ᠶᠢᠨ 2 ᠳ᠋ᠤᠭᠠᠷ ᠨᠣᠮᠧᠷᠲᠤ ᠠᠰᠠᠷ ᠤᠨ A ᠰᠠᠭᠤᠳᠠᠯ ᠤᠨ 1004 ᠥᠷᠥᠭᠡᠬᠠᠷᠢᠯᠴᠠᠬᠤ ᠬᠥᠮᠥᠨ᠄ ᠴᠠᠢ ᠰᠢᠶᠣᠣ ᠰᠢᠶᠠᠤᠲᠠᠰᠤ᠄ 0472-7158338 ᠡᠯᠧᠺᠲᠷᠣᠨ ᠰᠢᠤᠳᠠᠨ ᠬᠠᠶᠢᠷᠴᠠᠭ᠄ hmfxpg@126.com
 
ᠢᠷᠡᠯᠲᠡ᠄ ᠪᠤᠭᠤᠲᠤ ᠬᠤᠲᠠ ᠶᠢᠨ ᠳ᠋ᠦᠩ ᠾᠧ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1