ᠮᠢᠬᠠᠨ ᠤ ᠣᠬᠤᠷ ᠡᠪᠡᠷᠲᠦ ᠦᠬᠡᠷ
ᠨᠡᠶᠢᠲᠡᠯᠡᠭᠰᠡᠨ ᠴᠠᠭ᠄
2022/12/19
      ᠮᠢᠬᠠᠨ ᠤ ᠣᠬᠤᠷ ᠡᠪᠡᠷᠲᠦ ᠦᠬᠡᠷ ᠪᠣᠯ ᠢᠩᠭ᠍ᠯᠠᠨᠳ᠋ ᠤᠨ ᠬᠤᠶᠢᠲᠤ ᠬᠡᠰᠡᠭ ᠠᠴᠠ ᠤᠭ ᠭᠠᠷᠤᠯ ᠲᠠᠢ᠃  ᠣᠬᠤᠷ ᠡᠪᠡᠷᠲᠦ ᠦᠬᠡᠷ ᠪᠣᠯ ᠲᠤᠰ ᠭᠠᠵᠠᠷ ᠤᠨ ᠨᠤᠲᠤᠭ ᠤᠨ ᠡᠭᠦᠯᠳᠡᠷ ᠢ ᠡᠷᠯᠢᠰᠡᠵᠢᠭᠦᠯᠦᠭᠡᠳ ᠪᠣᠶᠢᠵᠢᠭᠤᠯᠤᠭᠰᠠᠨ  ᠡᠷᠲᠡᠨ ᠤ ᠡᠭᠦᠯᠳᠡᠷ ᠪᠣᠯᠣᠨ᠎ᠠ᠂ 18 ᠳ᠋ᠤᠭᠠᠷ ᠵᠠᠭᠤᠨ ᠤ ᠡᠬᠢᠨ ᠤ ᠦᠶ᠎ᠡ ᠳᠤ᠂ ᠢᠳᠡᠰᠢᠨ ᠤ ᠦᠬᠡᠷ ᠪᠣᠯᠭᠠᠨ  ᠡᠭᠦᠯᠳᠡᠷ ᠰᠠᠶᠢᠵᠢᠷᠠᠭᠤᠯᠵᠤ ᠡᠬᠢᠯᠡᠨ᠂ ᠴᠢᠩᠭ᠎ᠠ ᠨᠢᠮᠪᠠᠢ ᠪᠠᠷ ᠡᠭᠦᠯᠳᠡᠷ ᠰᠣᠩᠭᠤᠬᠤ ᠪᠠ ᠣᠶᠢᠷ᠎ᠠ ᠡᠭᠦᠯᠳᠡᠷ ᠢᠶᠠᠷ  ᠦᠷᠡᠵᠢᠭᠦᠯᠦᠨ ᠪᠣᠶᠢᠵᠢᠭᠤᠯᠬᠤ ᠠᠷᠭ᠎ᠠ ᠶᠢ ᠠᠪᠴᠤ᠂ ᠠᠷᠪᠠ ᠭᠠᠷᠤᠢ ᠵᠢᠯ ᠪᠣᠯᠣᠭᠠᠳ ᠰᠠᠶ᠋ᠢ ᠪᠡᠶ᠎ᠡ ᠪᠠᠷ ᠨᠡᠯᠢᠶᠡᠳ  ᠪᠦᠳᠦᠭᠦᠨ ᠢᠳᠡᠰᠢᠨ ᠤ ᠣᠬᠤᠷ ᠡᠪᠡᠷᠲᠦ ᠦᠬᠡᠷ ᠢ ᠪᠣᠶᠢᠵᠢᠭᠤᠯᠤᠨ ᠭᠠᠷᠭᠠᠭᠰᠠᠨ ᠪᠠᠶᠢᠨ᠎ᠠ᠂ ᠤᠳᠣ ᠳᠡᠯᠡᠬᠡᠢ ᠶᠢᠨ  ᠡᠯ᠎ᠡ ᠤᠯᠤᠰ ᠲᠤ ᠪᠦᠷ ᠲᠠᠷᠬᠠᠵᠤ ᠪᠣᠢ᠃ ᠳᠣᠮᠳᠠᠳᠣ ᠤᠯᠤᠰ 1913 ᠣᠨ ᠠᠴᠠ ᠣᠬᠤᠷ ᠡᠪᠡᠷᠲᠦ ᠦᠬᠡᠷ ᠢ  ᠣᠷᠣᠭᠤᠯᠤᠨ ᠠᠪᠴᠢᠷᠠᠵᠠᠢ᠂ ᠤᠳᠣ ᠭᠤᠣᠯᠳᠠᠭᠤ ᠥᠪᠥᠷ ᠮᠣᠩᠭᠤᠯ᠂ ᠭᠢᠷᠢᠨ᠂ ᠾᠧᠪᠧᠢ ᠵᠡᠷᠭᠡ ᠮᠤᠵᠢ ᠣᠷᠣᠨ ᠳᠤ  ᠮᠠᠯᠵᠢᠵᠤ ᠪᠠᠶᠢᠨ᠎ᠠ᠃            ᠮᠢᠬᠠᠨ ᠤ ᠣᠬᠤᠷ ᠡᠪᠡᠷᠲᠦ ᠦᠬᠡᠷ ᠤᠨ ᠪᠡᠶ᠎ᠡ ᠨᠢ ᠤᠷᠲᠤ ᠪᠥᠭᠡᠳ ᠥᠷᠭᠡᠨ᠂ ᠪᠤᠯᠴᠢᠩ ᠮᠢᠬ᠎ᠠ ᠨᠢ ᠠᠷᠪᠢᠨ  ᠮᠥᠷᠲᠡᠭᠡᠨ ᠮᠢᠬᠠᠨ ᠤ ᠦᠬᠡᠷ ᠤᠨ ᠨᠡᠶᠢᠲᠡᠯᠢᠭ ᠣᠨᠴᠠᠯᠢᠭ ᠪᠦᠬᠦᠢ ᠤᠷᠲᠤ ᠳᠥᠷᠪᠡᠯᠵᠢᠨ ᠪᠡᠶ᠎ᠡ ᠲᠠᠢ ᠦᠬᠡᠷ ᠪᠣᠯᠣᠨ᠎ᠠ  ᠃ ᠲᠣᠯᠣᠭᠠᠢ ᠨᠢ ᠪᠣᠭᠤᠨᠢ᠂ ᠮᠠᠩᠨᠠᠢ ᠨᠢ ᠥᠷᠭᠡᠨ᠂ ᠡᠪᠡᠷ ᠨᠢ ᠨᠠᠷᠢᠨ ᠪᠥᠭᠡᠳ ᠣᠬᠤᠷ᠂ ᠬᠦᠵᠦᠭᠦᠦ ᠨᠢ ᠣᠬᠤᠷ  ᠮᠥᠷᠲᠡᠭᠡᠨ ᠮᠢᠬ᠎ᠠ ᠶᠡᠬᠡᠲᠡᠢ᠂ ᠴᠡᠭᠡᠵᠢᠨ ᠬᠡᠰᠡᠭ ᠤᠨ ᠪᠤᠶᠢᠵᠢᠯᠲᠠ ᠨᠢ ᠰᠠᠶᠢᠨ᠃ ᠮᠥᠴᠢ ᠨᠢ ᠣᠬᠤᠷ᠂  ᠬᠤᠭᠤᠷᠤᠨᠳᠣᠬᠢ ᠵᠠᠢ ᠨᠢ ᠥᠷᠭᠡᠨ᠂ ᠪᠥᠭᠰᠡᠨ ᠪᠡᠶ᠎ᠡ ᠨᠢ ᠪᠦᠳᠦᠭᠦᠨ᠃ ᠣᠯᠠᠩᠬᠢ ᠨᠢ ᠬᠦᠷᠡᠩ ᠤᠯᠠᠭᠠᠨ  ᠵᠢᠰᠦᠮ ᠲᠠᠢ᠂ ᠴᠥᠭᠡᠨ ᠲᠣᠭᠠᠨ ᠤ ᠬᠢᠨᠢ ᠪᠠᠰᠠ ᠠᠯᠠᠭ ᠪᠤᠯᠠᠭ ᠪᠣᠢ᠃            ᠨᠠᠰᠤ ᠭᠦᠢᠴᠡᠭᠰᠡᠨ ᠡᠷ᠎ᠡ ᠦᠬᠡᠷ ᠤᠨ ᠪᠡᠶ᠎ᠡ ᠶᠢᠨ ᠬᠦᠨᠳᠦ ᠨᠢ 800~1200kg᠂ ᠦᠨᠢᠶ᠎ᠡ ᠶᠢᠨ ᠬᠢᠨᠢ  500~800kg᠃ ᠰᠠᠶ᠋ᠢ ᠭᠠᠷᠤᠭᠰᠠᠨ ᠲᠤᠭᠤᠯ ᠤᠨ ᠪᠡᠶ᠎ᠡ ᠶᠢᠨ ᠬᠦᠨᠳᠦ ᠨᠢ 30~40kg᠂ ᠵᠢᠯ ᠤᠨ ᠰᠦ  ᠭᠠᠷᠬᠤ ᠳᠤᠮᠳᠠᠴᠢ ᠬᠡᠮᠵᠢᠶ᠎ᠡ ᠨᠢ 3000~4000kg᠂ ᠰᠦᠨ ᠤ ᠨᠦᠮᠵᠦᠭ ᠤᠨ ᠨᠤᠷᠮ᠎ᠠ ᠨᠢ 3.5%~3. 7% ᠪᠣᠯᠣᠨ᠎ᠠ᠃            ᠣᠬᠤᠷ ᠡᠪᠡᠷᠲᠦ ᠦᠬᠡᠷ ᠤᠨ ᠪᠡᠶ᠎ᠡ ᠶᠢᠨ ᠬᠦᠨᠳᠦ ᠶᠢᠨ ᠨᠡᠮᠡᠭᠳᠡᠬᠦ ᠨᠢ ᠲᠦᠷᠭᠡᠨ᠂ ᠲᠣᠷᠨᠢᠬᠤ ᠨᠢ ᠡᠷᠲᠡ᠂  ᠨᠣᠮᠣᠬᠠᠨ᠂ ᠲᠣᠭᠲᠠᠭᠤᠨ ᠵᠠᠩ ᠠᠷᠠᠨᠰᠢᠨ ᠲᠠᠢ ᠪᠥᠭᠡᠳ ᠠᠮᠠᠷᠬᠠᠨ ᠲᠠᠷᠭᠤᠯᠠᠳᠠᠭ᠃ ᠪᠡᠶ᠎ᠡ ᠶᠢᠨ ᠬᠦᠨᠳᠦ ᠨᠢ 400  ᠬᠤᠨᠤᠭ ᠲᠤ 410kg᠎ ᠳᠤ ᠬᠦᠷᠴᠦ ᠳᠡᠶᠢᠯᠦᠨ᠎ᠡ᠂ ᠨᠢᠲᠤᠯᠭᠠᠨ ᠤ ᠨᠤᠷᠮ᠎ᠠ ᠨᠢ 60%~65%᠂ ᠪᠣᠷᠳᠣᠵᠤ  ᠲᠠᠷᠭᠤᠯᠠᠭᠤᠯᠤᠭᠰᠠᠨ ᠤ ᠳᠠᠷᠠᠭ᠎ᠠ 72%᠎ ᠲᠤ ᠬᠦᠷᠴᠦ ᠳᠡᠶᠢᠯᠦᠨ᠎ᠡ᠃ ᠮᠢᠬᠠᠨ ᠤ ᠰᠢᠷᠬᠡᠭ ᠨᠢ ᠨᠠᠷᠢᠨ ᠪᠥᠭᠡᠳ  ᠮᠢᠬ᠎ᠠ ᠨᠢ ᠵᠥᠭᠡᠯᠡᠨ᠂ ᠥᠭᠡᠬᠦᠯᠡᠵᠦ ᠲᠠᠷᠭᠤᠯᠠᠬᠤ ᠨᠢ ᠵᠢᠭᠳᠡ ᠲᠡᠩᠴᠡᠭᠦᠷᠢᠲᠡᠢ᠂ ︽ᠭᠠᠨᠳᠢᠭ ᠴᠢᠯᠠᠭᠤ︾᠎ ᠶᠢᠨ  ᠬᠡᠯᠪᠡᠷᠢ ᠮᠠᠶ᠋ᠢᠭ ᠲᠠᠢ᠃            ᠣᠬᠤᠷ ᠡᠪᠡᠷᠲᠦ ᠦᠬᠡᠷ ᠤᠨ ᠤᠳᠤᠮᠯᠠᠬᠤ ᠨᠢ ᠲᠣᠭᠲᠠᠭᠤᠨ᠂ ᠮᠣᠩᠭᠤᠯ ᠦᠬᠡᠷ ᠤᠨ ᠡᠭᠦᠯᠳᠡᠷ ᠢ  ᠰᠠᠶᠢᠵᠢᠷᠠᠭᠤᠯᠬᠤ ᠳᠤ ᠬᠡᠷᠡᠭᠯᠡᠭᠡᠳ ᠲᠠᠯ᠎ᠠ ᠨᠤᠲᠤᠭ ᠤᠨ ᠤᠯᠠᠭᠠᠨ ᠦᠬᠡᠷ ᠢ ᠪᠣᠶᠢᠵᠢᠭᠤᠯᠤᠨ ᠭᠠᠷᠭᠠᠪᠠ᠂ ᠥᠪᠴᠢ  ᠪᠡᠶ᠎ᠡ ᠶᠢᠨ ᠦᠰᠦ ᠨᠢ ᠬᠦᠷᠡᠩ ᠤᠯᠠᠭᠠᠨ ᠥᠩᠭᠡᠲᠡᠢ᠃ ᠴᠢᠨ ᠴᠤᠸᠠᠨ ᠤ ᠦᠬᠡᠷ ᠲᠤ ᠣᠬᠤᠷ ᠡᠪᠡᠷᠲᠦ ᠦᠬᠡᠷ ᠤᠨ  ᠴᠢᠰᠤ ᠶᠢ ᠰᠡᠯᠪᠢᠵᠦ ᠡᠷᠯᠢᠰᠡᠵᠢᠭᠦᠯᠦᠭᠡᠳ ᠲᠤᠩ ᠰᠠᠶᠢᠨ ᠦᠷ᠎ᠡ ᠪᠦᠲᠦᠮᠵᠢ ᠣᠯᠵᠠᠢ᠃ ᠲᠤᠰ ᠦᠬᠡᠷ ᠢ  ᠪᠦᠳᠦᠭᠦᠯᠢᠭ ᠢᠶᠠᠷ ᠠᠷᠠᠴᠢᠯᠠᠬᠤ ᠳᠤ ᠲᠡᠰᠪᠦᠷᠢᠲᠡᠢ᠂ ᠣᠷᠴᠢᠨ ᠠᠬᠤᠢ ᠳᠠᠭᠠᠨ ᠵᠣᠬᠢᠴᠠᠬᠤ ᠨᠢ ᠰᠠᠶᠢᠨ᠂  ᠪᠠᠷᠤᠭᠲᠠᠢ ᠳᠤ ᠡᠪᠡᠳᠴᠢᠨ ᠭᠡᠮ ᠣᠯᠬᠤ ᠦᠭᠡᠢ᠂ ᠲᠠᠷᠢᠮᠠᠯ ᠤᠨ ᠡᠰᠢ ᠰᠦᠷᠡᠯ ᠢ ᠠᠰᠢᠭᠯᠠᠨ ᠮᠠᠯᠵᠢᠬᠤ ᠳᠤ ᠴᠤ  ᠰᠠᠶᠢᠨ ᠪᠠᠶᠢᠳᠠᠭ᠃            ︵ᠢᠷᠡᠯᠲᠡ᠄ ᠰᠣᠳᠣᠭᠡᠷᠡᠯ᠂ ᠪᠠᠪᠤᠯᠠᠢ᠂ ᠬᠥᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ  ᠪᠣᠷᠳᠣᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ᠃︶     ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠡᠮ      
 
ᠢᠷᠡᠯᠲᠡ᠄ ᠭᠠᠳᠠᠭᠠᠳᠤ ᠠᠴᠠ ᠣᠷᠣᠭᠤᠯᠤᠭᠰᠠᠨ ᠮᠢᠬᠠᠨ ᠦᠬᠡᠷ ᠤᠨ ᠡᠭᠦᠯᠳᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1