ᠡᠯ᠎ᠡ ᠭᠠᠵᠠᠷ ᠤᠨ ᠬᠢᠨ ᠤ ᠬᠢᠵᠢᠭ ᠢ ᠰᠡᠷᠬᠡᠶᠢᠯᠡᠨ ᠬᠤᠷᠢᠭᠯᠠᠬᠤ ᠶᠢ ᠪᠠᠶᠢᠩᠭᠤᠵᠢᠭᠤᠯᠬᠤ ᠠᠷᠭ᠎ᠠ ᠬᠡᠮᠵᠢᠶ᠎ᠡ ᠶᠢ | ᠨᠠᠶᠢᠳᠠᠪᠣᠷᠢᠵᠢᠭᠤᠯᠬᠤ ᠳᠤ ᠬᠠᠮᠵᠢᠯᠴᠠᠬᠤ ᠶᠢᠨ ᠲᠦᠯᠦᠭᠡ᠂ ᠪᠦᠬᠦ ᠣᠯᠣᠰ ᠤᠨ ᠲᠡᠮᠦᠷ ᠵᠠᠮ ᠤᠨ ᠭᠠᠯᠲᠣ ᠲᠡᠷᠭᠡᠨ | ᠪᠢᠯᠧᠲ ᠣᠷᠢᠳᠴᠢᠯᠠᠨ ᠬᠤᠳᠠᠯᠳᠣᠬᠤ ᠴᠠᠭ ᠬᠤᠭᠤᠴᠠᠭᠠᠨ ᠳᠤ ᠲᠣᠬᠢᠷᠠᠭᠤᠯᠣᠯᠲᠠ ᠬᠢᠵᠣ᠂ ᠰᠦᠯᠵᠢᠶ᠎ᠡ᠂ ᠣᠳᠠᠰᠦ | ᠪᠠᠷ ᠪᠢᠯᠧᠲ ᠬᠤᠳᠠᠯᠳᠣᠨ ᠠᠪᠬᠤ ᠴᠠᠭ ᠢ ᠦᠡᠭᠭᠡᠷᠡᠭᠰᠡᠨ ᠤ ᠬᠠᠮᠤᠭ ᠤᠨ ᠣᠷᠲᠣ ᠲᠠᠭᠠᠨ30 ᠡᠳᠣᠷ ᠪᠠᠶᠢᠭᠰᠠᠨ | ᠢ15 ᠡᠳᠣᠷ ᠪᠣᠯᠭᠠᠨ ᠪᠣᠭᠤᠨᠢᠰᠬᠠᠵᠣ᠂ ᠭᠠᠯᠲᠣ ᠲᠡᠷᠭᠡᠨ ᠦᠷᠲᠡᠭᠡᠨ ᠤ ᠴᠤᠩᠬᠤᠪᠴᠢ᠂ ᠣᠷᠣᠯᠠᠨ ᠬᠤᠳᠠᠯᠳᠣᠬᠤ | ᠴᠡᠭ ᠪᠠ ᠪᠢᠯᠧᠲ ᠬᠤᠳᠠᠯᠲᠣᠬᠤ ᠠᠦ᠋ᠲ ᠮᠠᠰᠢᠨ ᠤ ᠪᠢᠯᠧᠲ ᠬᠤᠳᠠᠯᠳᠣᠬᠤ ᠴᠠᠭ ᠢ ᠦᠡᠭᠭᠡᠷᠡᠭᠰᠡᠨ ᠤ 28 ᠡᠳᠦᠷ | ᠪᠠᠶᠢᠭᠰᠠᠨ ᠢ 15 ᠡᠳᠦᠷ ᠪᠣᠯᠭᠠᠨ ᠪᠣᠭᠤᠨᠢᠰᠬᠠᠪᠠ᠃ | ᠲᠠᠪᠣᠨ ᠰᠠᠷ᠎ᠠ ᠶᠢᠨ ᠰᠢᠨ᠎ᠡ ᠶᠢᠨ ᠲᠠᠪᠣᠨ ᠤ ᠠᠮᠠᠷᠠᠯᠲᠠ ᠶᠢᠨ ᠠᠡᠩᠬᠠᠨ ᠤ ᠡᠳᠦᠷ ᠤᠨ ᠭᠠᠯᠲᠤ ᠲᠡᠷᠭᠡᠨ | ᠪᠢᠯᠧᠲ ᠢ ᠲᠣᠰ ᠭᠠᠷᠠᠭ ᠤᠨ ᠰᠡᠭᠦᠯᠴᠢ ᠳᠤ ᠡᠬᠢᠯᠡᠨ ᠬᠤᠳᠠᠯᠳᠣᠨ᠎ᠠ | ᠪᠦᠬᠦ ᠣᠯᠣᠰ ᠤᠨ ᠲᠡᠮᠦᠷ ᠵᠠᠮ ᠤᠨ ᠭᠠᠯᠲᠣ ᠲᠡᠷᠭᠡᠨ ᠪᠢᠯᠧᠲ ᠣᠷᠢᠳᠴᠢᠯᠡᠨ ᠬᠤᠳᠠᠯᠳᠣᠬᠤ ᠴᠠᠭ | ᠬᠤᠭᠤᠴᠠᠭ᠎ᠠ ᠶᠢ 15 ᠡᠳᠦᠷ ᠪᠣᠯᠭᠠᠨ ᠲᠣᠬᠢᠷᠠᠭᠤᠯᠬᠤ ᠲᠣᠭᠲᠠᠭᠠᠯ ᠶᠣᠰᠣᠭᠠᠷ᠂5 ᠰᠠᠷ᠎ᠠ ᠶᠢᠨ29 ᠤ ᠡᠳᠦᠷ ᠠᠴᠠ | ᠡᠬᠢᠯᠡᠨ 12306 ᠭᠠᠷ ᠣᠲᠠᠰᠣᠨ ᠤ ᠬᠡᠷᠡᠭᠯᠡᠭᠴᠢ ᠶᠢᠨ ᠦᠵᠦᠬᠦᠷᠯᠢᠭ ᠪᠣᠶᠣ 95105105 ᠣᠲᠠᠰᠣ ᠪᠠᠷ | ᠲᠠᠪᠣᠨ ᠰᠠᠷ᠎ᠠ ᠶᠢᠨ ᠰᠢᠨ᠎ᠡ ᠶᠢᠨ ᠲᠠᠪᠣᠨ ᠤ ᠪᠠᠶᠠᠷ ᠤᠨ ᠠᠮᠠᠷᠠᠯᠲᠠ ᠶᠢᠨ ᠠᠡᠩᠬᠠᠨ ᠤ ᠡᠳᠥᠷ ︵6 ᠰᠠᠷ᠎ᠠ ᠶᠢᠨ12 | ᠤ ᠡᠳᠦᠷ︶ ᠤᠨ ᠭᠠᠯᠲᠣ ᠲᠡᠷᠭᠡᠨ ᠤ ᠪᠢᠯᠧᠲ ᠢ ᠬᠤᠳᠠᠯᠳᠣᠨ ᠠᠪᠴᠣ ᠪᠣᠯᠣᠨ᠎ᠠ᠃ | ᠦᠡᠭᠭᠡᠷᠡᠭᠰᠡᠨ ᠵᠢᠯ ᠤᠨ ᠲᠣᠷᠰᠢᠯᠭ᠎ᠠ ᠶᠢ ᠦᠨᠳᠦᠰᠦᠯᠡᠪᠡᠯ᠂ ᠠᠮᠠᠷᠠᠯᠲᠠ ᠶᠢᠨ ᠨᠢᠭᠡᠳᠦᠭᠡᠷ ᠡᠳᠦᠷ ︵6 ᠰᠠᠷ᠎ᠠ | ᠶᠢᠨ12 ᠤ ᠡᠳᠦᠷ︶ ᠪᠣᠯ ᠭᠠᠳᠠᠭᠰᠢ ᠭᠠᠷᠬᠤ ᠣᠷᠭᠢᠯ ᠤᠨ ᠦᠶ᠎ᠡ ᠪᠣᠯᠣᠨ᠎ᠠ᠂ ᠲᠣᠰ ᠡᠳᠦᠷ ᠤᠨ 9 ᠴᠠᠭ ᠠᠴᠠ12 | ᠴᠠᠭ ᠪᠣᠯᠳᠠᠯᠬᠢ ᠬᠤᠭᠤᠴᠠᠭ᠎ᠠ ᠪᠣᠯ ᠭᠠᠳᠠᠭᠰᠢ ᠭᠠᠷᠬᠤ ᠣᠷᠭᠢᠯ ᠤᠨ ᠦᠶ᠎ᠡ ᠪᠣᠯᠣᠨ᠎ᠠ᠃ ᠪᠦᠭᠡᠮᠨᠡᠷᠡᠯᠳᠦᠨ ᠪᠣᠴᠠᠬᠤ | ᠨᠦᠯᠦᠭᠡ ᠠᠴᠠ ᠪᠤᠯᠵᠤ᠂ ᠠᠮᠠᠷᠠᠯᠲᠠ ᠶᠢᠨ ᠰᠡᠭᠦᠯᠴᠢ ᠶᠢᠨ ᠡᠳᠦᠷ ︵6 ᠰᠠᠷ᠎ᠠ ᠶᠢᠨ 14 ᠤ ᠡᠳᠦᠷ︶ ᠤᠨ 15 | ᠴᠠᠭ --- 21 ᠴᠠᠭ ᠪᠣᠯᠲᠠᠯᠠᠬᠢ ᠬᠤᠭᠤᠴᠠᠭ᠎ᠠ ᠪᠣᠯ ᠪᠣᠴᠠᠬᠤ ᠣᠷᠭᠢᠯ ᠤᠨ ᠦᠶ᠎ᠡ ᠪᠣᠯᠣᠨ᠎ᠠ ᠂ ᠣᠷᠭᠢᠯ ᠤᠨ ᠦᠶ᠎ᠡ | ᠨᠢ 16 ᠴᠠᠭ --- 17 ᠴᠠᠭ ᠪᠣᠯᠲᠠᠯᠠᠬᠢ ᠬᠤᠭᠤᠴᠠᠭ᠎ᠠ ᠪᠣᠯᠣᠨ᠎ᠠ᠃ ᠬᠤᠲᠠ ᠶᠢᠨ ᠠᠷᠠᠳ ᠲᠠᠪᠣᠨ ᠰᠠᠷ᠎ᠠ ᠶᠢᠨ | ᠰᠢᠨ᠎ᠡ ᠶᠢᠨ ᠲᠠᠪᠣᠨ ᠤ ᠪᠠᠶᠠᠷ ᠤᠨ ᠭᠠᠯᠲᠣ ᠲᠡᠷᠭᠡᠨ ᠤ ᠪᠢᠯᠧᠲ ᠣᠷᠢᠳᠴᠢᠯᠠᠨ ᠬᠤᠳᠠᠯᠳᠣᠬᠤ ᠴᠠᠭ ᠬᠤᠭᠤᠴᠠᠭ᠎ᠠ | ᠶᠢ ᠦᠨᠳᠦᠰᠦᠯᠡᠨ ᠰᠠᠶᠢᠳᠣᠷ ᠬᠢᠵᠤ᠂ ᠠᠶᠠᠨ ᠵᠠᠮ ᠲᠠᠭᠠᠨ ᠰᠠᠭᠠᠳᠠᠬᠤ ᠠᠴᠠ ᠵᠠᠶᠢᠯᠠᠰᠬᠢᠵᠣ ᠪᠣᠯᠣᠨ᠎ᠠ᠃ | |