ᠵᠦᠩ ᠨᠠᠨ ᠱᠠᠨ᠄ ᠪᠢ ᠨᠢᠭᠡᠨᠲᠡ ᠲᠠᠷᠢᠯᠭ᠎ᠠ ᠬᠢᠴᠢᠬᠡᠯ᠎ᠡ᠂ ᠲᠠ ᠨᠠᠷ ᠪᠠᠰᠠ ᠬᠤᠷᠳᠣᠬᠠᠨ ᠬᠢᠭᠡᠷᠡᠢ
ᠨᠡᠶᠢᠲᠡᠯᠡᠭᠰᠡᠨ ᠴᠠᠭ᠄
2021/5/19
     ᠣᠶᠢᠷ᠎ᠠ ᠳᠤ  ᠂85 ᠨᠠᠰᠣᠲᠠᠢ ᠵᠦᠩ ᠨᠠᠨ ᠱᠠᠨ ᠠᠺᠠᠳᠧᠮᠢᠴᠢ ᠣᠯᠣᠰ ᠲᠠᠭᠠᠨ ᠦᠢᠯᠡᠳᠪᠦᠷᠢᠯᠡᠭᠰᠡᠨ ᠰᠢᠨ᠎ᠡ ᠲᠢᠳᠢᠮᠯᠢᠭ ᠠᠭᠤᠰᠬᠢᠨ ᠦᠷᠪᠢᠰᠦᠯ‌‍ᠣᠨ ᠸᠠᠺᠽᠢᠨ ᠢ ᠲᠠᠷᠢᠪᠠ᠃ ᠲᠠᠷᠢᠬᠤ ᠦᠶ᠎ᠡ ᠳᠤ ᠪᠠᠨ ᠲᠡᠷᠡ ᠡᠷᠡᠬᠡᠢ ᠬᠤᠷᠣᠭᠤ  ᠪᠠᠨ ᠭᠤᠵᠢᠢᠯᠭᠠᠵᠣ᠃ ᠲᠤᠩ ᠰᠠᠶᠢᠨ ᠪᠠᠶᠢᠨ᠎ᠠ ᠬᠡᠵᠣ ᠢᠯᠡᠳᠭᠡᠯ᠎ᠡ᠃      ᠵᠦᠩ ᠨᠠᠨ ᠱᠠᠨ ᠸᠠᠺᠡᠽᠢᠨ ᠤ ᠲᠠᠷᠢᠯᠭ᠎ᠠ ᠬᠢᠭᠰᠡᠨ ᠤ ᠳᠠᠷᠠᠭ᠎ᠠ ᠢᠯᠡᠷᠬᠡᠶᠢᠯᠡᠬᠦ  ᠳᠡᠭᠡᠨ᠂ ᠸᠠᠺᠡᠽᠢᠨ   ᠤ ᠲᠠᠷᠢᠯᠭ᠎ᠠ ᠬᠢᠬᠦ ᠪᠣᠯ ᠬᠠᠮᠳᠣ  ᠣᠯᠠᠨ ᠤ ᠡᠬᠡᠯᠢᠯᠡᠭᠡ ᠶᠢ  ᠵᠢᠩᠬᠢᠨᠢ ᠪᠠᠷ ᠪᠡᠶᠡᠯᠡᠭᠦᠯᠭᠦ  ᠮᠠᠰᠢ ᠰᠠᠶᠢᠨ ᠠᠷᠭ᠎ᠠ ᠮᠦᠨ᠂  ᠮᠠᠨ ᠤ ᠣᠯᠣᠰ ᠤᠨ ᠸᠠᠺᠡᠽᠢᠨ ᠤ ᠲᠠᠷᠢᠯᠭ᠎ᠠ ᠬᠢᠬᠦ ᠬᠠᠷᠢᠴᠠᠯ ᠨᠡᠯᠢᠶᠡᠳ ᠲᠣᠣᠷ᠎ᠠ ᠪᠠᠶᠢᠨ᠎ᠠ᠂ ᠡᠷᠬᠡᠪᠰᠢ ᠪᠠᠶᠢᠳᠠᠯ   ᠢ  ᠲᠠᠭᠠᠵᠣ ᠠᠮᠵᠢᠨ᠂ ᠳᠡᠯᠡᠬᠡᠢ ᠶᠢᠨ ᠪᠣᠰᠣᠳ ᠣᠯᠣᠰ ᠲᠠᠢ ᠠᠳᠠᠯᠢ ᠪᠠᠷ ᠠᠯᠢ ᠲᠦᠷᠭᠡᠨ  ᠢᠶᠠᠷ 70 % ᠠᠴᠠ 80 % ᠶᠢᠨ ᠲᠠᠷᠢᠯᠭ᠎ᠠ ᠬᠢᠬᠦ ᠨᠣᠷᠮ᠎ᠠ ᠳᠤ ᠬᠦᠷᠦᠭᠦᠯᠭᠦ ᠪᠠᠷ ᠴᠢᠷᠮᠠᠶᠢᠬᠤ ᠬᠡᠷᠩᠲᠠᠢ ᠬᠡᠵᠠᠢ᠃      ᠵᠦᠩ ᠨᠠᠨ ᠱᠠᠨ ᠣᠯᠠᠨ ᠲᠦᠮᠡᠨ ᠢ ᠳᠠᠷᠣᠢ ᠲᠦᠷᠭᠡᠨ ᠢᠶᠠᠷ ᠰᠢᠨ᠎ᠡ ᠳᠢᠲᠢᠮᠯᠢᠩ ᠠᠭᠤᠰᠬᠢᠨ ᠦᠷᠪᠢᠰᠦᠯ ᠤᠨ ᠸᠠᠺᠡᠽᠢᠨ ᠤ ᠲᠠᠷᠢᠯᠭ᠎ᠠ ᠬᠢᠬᠦ ᠶᠢ ᠣᠷᠢᠶᠠᠯᠠᠵᠣ᠄  ᠣᠯᠠᠨ ᠢᠶᠠᠷ ᠢᠶᠠᠨ ᠬᠠᠮᠲᠣ ᠪᠠᠷ ᠴᠢᠷᠮᠠᠶᠢᠵᠣ ᠪᠠᠶᠢᠭᠠᠳ ᠸᠠᠺᠡᠽᠢᠨ ᠤ ᠲᠠᠷᠢᠯᠭ᠎ᠠ ᠬᠢᠵᠣ ᠣᠯᠣᠰ ᠣᠷᠣᠨ᠂ ᠳᠡᠯᠡᠬᠡᠢ ᠳᠡᠭᠡᠨ ᠳᠤ᠂ ᠮᠦᠨ ᠬᠤᠪᠢ ᠪᠡᠶ᠎ᠡ ᠳᠤ ᠪᠠᠨ᠂ᠰᠢᠨ᠎ᠡ ᠳᠢᠲᠢᠮᠯᠢᠩ ᠠᠭᠤᠰᠬᠢᠨ ᠦᠷᠪᠢᠰᠦᠯ ᠤᠨ  ᠬᠢᠵᠢᠭ ᠤᠨ ᠪᠠᠶᠢᠳᠠᠯ ᠢ ᠰᠡᠷᠭᠡᠶᠢᠯᠡᠬᠦ ᠳᠤ ᠦᠪᠡᠷ ᠤᠨ ᠴᠢᠷᠮᠠᠶᠢᠯᠭ᠎ᠠ ᠪᠠᠨ ᠭᠠᠷᠭᠠᠬᠤ ᠶᠢ ᠭᠦᠰᠡᠵᠣ ᠪᠠᠶᠢᠨ᠎ᠠ ᠭᠡᠵᠡᠢ᠃
 
ᠢᠷᠡᠯᠲᠡ᠄ ᠳ᠋ᠦᠩ ᠾᠧ ᠲᠣᠭᠣᠷᠢᠭ ‍ᠣᠨ ᠠᠷᠠᠳ ‍ᠣᠨ ᠵᠠᠰᠠᠭ ‍ᠣᠨ ᠣᠷᠳᠣᠨ ‍ᠣ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1