ᠲᠦᠮᠦᠰᠦ ᠠᠷᠪᠢᠨ ᠢᠳᠡᠪᠡᠯ ᠴᠢᠰᠤᠨ ᠳᠠᠷᠤᠯᠳᠠ ᠦᠨᠳᠦᠷᠵᠢᠨ᠎ᠡ
ᠨᠡᠶᠢᠲᠡᠯᠡᠭᠰᠡᠨ ᠴᠠᠭ᠄
2021/3/11
     ᠠᠮᠧᠷᠢᠺᠠ ᠶᠢᠨ ᠬᠠᠹᠦ᠋ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠲᠡᠭᠡᠳᠦ ᠰᠤᠷᠭᠠᠭᠤᠯᠢ ᠶᠢᠨ ᠨᠢᠭᠡᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠭᠠᠷᠠᠭ ᠪᠦᠷᠢ ᠲᠦᠷᠪᠡ ᠤᠳᠠᠭ᠎ᠠ ᠲᠦᠮᠦᠰᠦ ᠢᠳᠡᠪᠡᠯ ᠴᠢᠰᠤᠨ ᠳᠠᠷᠤᠯᠳᠠ ᠦᠨᠳᠦᠷᠵᠢᠬᠦ ᠨᠤᠷᠮ᠎ᠠ ᠶᠢ ᠨᠡᠮᠡᠭᠳᠡᠬᠦᠯᠳᠡᠭ᠃      ᠰᠤᠳᠤᠯᠭᠠᠳᠠᠳ 18.7 ᠲᠦᠮᠡᠨ ᠳᠤᠷᠰᠢᠯᠳᠠ ᠳᠤ ᠤᠷᠤᠯᠴᠠᠭᠴᠢ ᠶᠢ 20 ᠵᠢᠯ ᠮᠦᠷᠲᠡᠨ ᠪᠠᠶᠢᠴᠠᠭᠠᠯᠳᠠ ᠬᠢᠭᠰᠡᠨ ᠳᠤᠭ᠎ᠠ ᠪᠠᠷᠢᠮᠳᠠ ᠳᠤ ᠵᠠᠳᠠᠯᠤᠯᠳᠠ ᠬᠢᠭᠰᠡᠨ ᠤ ᠳ᠋ᠦᠩ ᠳᠤ᠂ ᠰᠠᠷ᠎ᠠ ᠪᠦᠷᠢ ᠨᠢᠭᠡ ᠤᠳᠠᠭ᠎ᠠ ᠠᠴᠠ ᠢᠯᠡᠬᠦᠦ ᠲᠦᠮᠦᠰᠦ ᠢᠳᠡᠳᠡᠭ ᠦᠭᠡᠢ ᠬᠦᠮᠦᠰ ᠲᠠᠢ ᠬᠠᠷᠢᠴᠠᠭᠤᠯᠪᠠᠯ ᠭᠠᠷᠠᠭ ᠪᠦᠷᠢ ᠨᠠᠭᠠᠳᠤ ᠵᠠᠬ᠎ᠠ ᠳᠠᠭᠠᠨ ᠲᠦᠷᠪᠡ ᠤᠳᠠᠭ᠎ᠠ ᠲᠦᠮᠦᠰᠦ ᠪᠠᠷ ᠬᠢᠭᠰᠡᠨ ᠢᠳᠡᠭᠡᠨ ᠢᠳᠡᠳᠡᠭ ᠬᠦᠮᠦᠰ ᠤᠨ ᠴᠢᠰᠤᠨ ᠳᠠᠷᠤᠯᠳᠠ ᠦᠨᠳᠦᠷᠵᠢᠬᠦ ᠨᠤᠷᠮ᠎ᠠ 11%᠎ ᠪᠠᠷ ᠦᠨᠳᠦᠷ ᠪᠠᠶᠢᠪᠠ᠃ ᠭᠠᠷᠠᠭ ᠪᠦᠷᠢ ᠨᠠᠭᠠᠳᠤ ᠵᠠᠬ᠎ᠠ ᠳᠠᠭᠠᠨ ᠲᠦᠷᠪᠡ ᠤᠳᠠᠭ᠎ᠠ ᠰᠢᠷᠭᠠᠭᠠᠭᠰᠠᠨ ᠲᠦᠮᠦᠰᠦ ᠶᠢᠨ ᠭᠡᠷᠴᠢᠮᠡᠯ ᠢᠳᠡᠳᠡᠭ ᠬᠦᠮᠦᠰ ᠤᠨ ᠴᠢᠰᠤᠨ ᠳᠠᠷᠤᠯᠳᠠ ᠦᠨᠳᠦᠷᠵᠢᠬᠦ ᠨᠤᠷᠮ᠎ᠠ 17%᠎ ᠪᠠᠷ ᠦᠨᠳᠦᠷ ᠪᠤᠯᠳᠠᠭ᠃ ᠭᠡᠷᠪᠡ ᠡᠳᠦᠷ ᠪᠦᠷᠢ ᠴᠠᠷᠳᠠᠭᠤᠯ ᠤᠨ ᠪᠤᠰᠤ ᠢᠳᠡᠰᠢᠨ ᠨᠤᠭᠤᠭ᠎ᠠ ᠪᠠᠷ ᠲᠦᠮᠦᠰᠦ ᠶᠢ ᠤᠷᠤᠯᠠᠭᠤᠯᠵᠤ ᠢᠳᠡᠪᠡᠯ ᠴᠢᠰᠤᠨ ᠳᠠᠷᠤᠯᠳᠠ ᠦᠨᠳᠦᠷᠵᠢᠬᠦ ᠨᠤᠷᠮ᠎ᠠ ᠶᠢ 7%᠎ ᠪᠠᠷ ᠪᠠᠭᠤᠷᠠᠭᠤᠯᠤᠨ᠎ᠠ᠃      ᠤᠴᠢᠷ ᠨᠢ ᠲᠦᠮᠦᠰᠦᠨ ᠳᠤ ᠶᠡᠭᠡ ᠭᠡᠮᠵᠢᠶᠡᠨ ᠤ ᠴᠠᠷᠳᠠᠭᠤᠯ ᠠᠭᠤᠯᠤᠭᠳᠠᠵᠤ᠂ ᠰᠢᠬᠢᠷ ᠢ ᠨᠡᠮᠡᠭᠳᠡᠬᠦᠯᠬᠦ ᠵᠢᠭᠠᠯᠳᠠ ᠳᠤᠭ᠎ᠠ ᠨᠢ ᠦᠨᠳᠦᠷ᠂ ᠰᠢᠬᠢᠷ ᠨᠡᠮᠡᠭᠳᠡᠬᠦᠯᠳᠡᠭ ᠢᠳᠡᠭᠡᠨ ᠨᠢ ᠳᠠᠬᠢᠭᠠᠳ ᠴᠢᠰᠤᠨ ᠤ ᠰᠢᠬᠢᠷ ᠢ ᠭᠡᠨᠡᠳᠳᠡ ᠪᠠᠷ ᠨᠡᠮᠡᠭᠳᠡᠬᠦᠯᠳᠡᠭ᠃ ᠲᠦᠮᠦᠰᠦ ᠶᠢᠨ ᠳᠤᠳᠤᠷ᠎ᠠ ᠶᠡᠭᠡ ᠭᠡᠮᠵᠢᠶᠡᠨ ᠤ ᠸᠢᠲ᠋ᠠᠮᠢᠨ C ᠪᠠ ᠺᠠᠯᠢ ᠵᠡᠷᠭᠡ ᠤᠯᠠᠨ ᠲᠦᠷᠦᠯ ᠤᠨ ᠰᠢᠮ᠎ᠡ ᠲᠡᠵᠢᠭᠡᠯᠳᠦ ᠡᠳ᠋ ᠠᠭᠤᠯᠤᠭᠳᠠᠳᠠᠭ ᠳᠤᠯᠠ ᠭᠡᠮᠵᠢᠶ᠎ᠡ ᠲᠠᠢ ᠢᠳᠡᠪᠡᠯ ᠬᠠᠷᠢᠨ ᠰᠢᠮ᠎ᠡ ᠲᠡᠵᠢᠭᠡᠯ ᠰᠠᠶᠢᠳᠠᠢ ᠪᠤᠯᠳᠠᠭ᠃
 
ᠢᠷᠡᠯᠲᠡ᠄ ᠪᠠᠶᠠᠨᠠᠭᠣᠷ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1