ᠬᠤᠲᠠᠯᠲᠤᠭᠠᠨ ᠤ ᠶᠠᠮᠤᠨ᠄ ᠰᠢᠨ᠎ᠡ ᠵᠢᠯ ᠴᠠᠭᠠᠨ ᠰᠠᠷ᠎ᠠ ᠶᠢᠨ ᠬᠤᠭᠤᠴᠠᠭᠠᠨ ᠳᠤ ᠭᠠᠭ᠋ᠠᠢ ᠶᠢᠨ ᠮᠢᠬᠠᠨ ᠤ ᠬᠠᠩᠭᠠᠯᠭ᠎ᠠ ᠬᠡᠷᠡᠭᠴᠡᠭᠡ ᠮᠡᠲᠡᠭᠲᠡᠮ᠎ᠡ ᠨᠡᠮᠡᠭᠲᠡᠬᠦ ᠪᠤᠯᠤᠨ᠎ᠠ
ᠨᠡᠶᠢᠲᠡᠯᠡᠭᠰᠡᠨ ᠴᠠᠭ᠄
2020-01-19
     ᠰᠢᠨᠬᠤᠧᠠ ᠬᠤᠷᠢᠶ᠎ᠠ ᠪᠡᠭᠡᠵᠢᠩ ᠤᠨ 12 ᠰᠠᠷ᠎ᠠ ᠶᠢᠨ 30 ᠤ ᠡᠲᠦᠷ ᠤᠨ ᠴᠠᠬᠢᠯᠭᠠᠨ ᠮᠡᠲᠡᠭᠡ ︵ᠰᠤᠷᠪᠤᠯᠵᠢᠯᠠᠭᠴᠢ ᠸᠠᠩ ᠢᠦᠢ ᠰᠢᠶᠤᠤ᠂ ᠴᠧᠨ ᠸᠧᠢ ᠸᠧᠢ︶ ᠬᠤᠲᠠᠯᠲᠤᠭᠠᠨ ᠤ ᠶᠠᠮᠤᠨ ᠤ ᠵᠠᠬ᠎ᠠ ᠲᠡᠯᠭᠡᠭᠦᠷ ᠢ ᠠᠵᠢᠯᠯᠠᠭᠤᠯᠬᠤ ᠵᠤᠷᠭᠠᠨ ᠤ ᠲᠡᠳ᠋ ᠲᠠᠷᠤᠭ᠎ᠠ ᠸᠠᠩ ᠪᠢᠨ 30 ᠤ ᠡᠲᠦᠷ ᠬᠡᠯᠡᠬᠦ ᠳᠡᠭᠡᠨ᠂ 12 ᠰᠠᠷ᠎ᠠ ᠶᠢᠨ ᠲᠤᠮᠲᠠᠴᠢ ᠠᠴᠠ ᠡᠬᠢᠯᠡᠨ ᠲᠦᠪ ᠤᠨ ᠨᠦᠭᠡᠴᠡ ᠬᠦᠮᠦᠷᠭᠡ ᠶᠢᠨ ᠬᠦᠯᠲᠡᠬᠦᠦ ᠮᠢᠬ᠎ᠠ ᠶᠢ ᠵᠠᠬ᠎ᠠ ᠳᠤ ᠭᠠᠷᠭᠠᠨ᠂ ᠤᠷᠤᠨ ᠨᠤᠲᠤᠭ ᠪᠠ ᠲᠦᠪ ᠤᠨ ᠨᠦᠬᠡᠴᠡ ᠮᠢᠬ᠎ᠠ ᠶᠢᠨ ᠵᠠᠬ᠎ᠠ ᠲᠡᠯᠭᠡᠭᠦᠷ ᠲᠤ ᠲᠠᠯᠪᠢᠬᠤ ᠲᠠᠢ ᠤᠶᠠᠯᠲᠤᠨ ᠰᠢᠨ᠎ᠡ ᠵᠢᠯ ᠴᠠᠭᠠᠨ ᠰᠠᠷ᠎ᠠ ᠶᠢᠨ ᠬᠤᠭᠤᠴᠠᠭᠠᠨ ᠳᠤ ᠭᠠᠭ᠋ᠠᠢ ᠶᠢᠨ ᠮᠢᠬᠠᠨ ᠤ ᠬᠠᠩᠭᠠᠯᠭ᠎ᠠ ᠬᠡᠷᠡᠭᠴᠡᠭᠡ ᠢᠯᠡᠷᠬᠡᠢ ᠨᠡᠮᠡᠭᠲᠡᠬᠦ ᠪᠤᠯᠤᠨ᠎ᠠ ᠭᠡᠵᠡᠢ᠃          ᠲᠤᠬᠠᠢ ᠶᠢᠨ ᠡᠲᠦᠷ ᠪᠤᠯᠤᠭᠰᠠᠨ 2019 ᠤᠨ ᠤ ᠪᠦᠬᠦ ᠤᠯᠤᠰ ᠤᠨ ᠬᠤᠲᠠᠯᠲᠤᠭᠠᠨ ᠤ ᠶᠠᠪᠤᠲᠠᠯ ᠤᠨ ᠠᠵᠢᠯ ᠤᠨ ᠬᠤᠷᠠᠯ ᠤᠨ ᠬᠡᠪᠯᠡᠯ ᠮᠡᠲᠡᠭᠡᠯᠡᠯ ᠤᠨ ᠬᠤᠷᠠᠯ ᠲᠡᠭᠡᠷ᠎ᠡ ᠸᠠᠩ ᠪᠢᠨ ᠤ ᠲᠠᠨᠢᠯᠴᠠᠭᠤᠯᠤᠭᠰᠠᠨ ᠢᠶᠠᠷ ᠬᠤᠲᠠᠯᠲᠤᠭᠠᠨ ᠤ ᠶᠠᠪᠤᠲᠠᠯ ᠤᠨ ᠶᠠᠮᠤᠨ ᠤ ᠬᠢᠨᠠᠨ ᠠᠵᠢᠭᠯᠠᠭᠰᠠᠨ ᠢᠶᠠᠷ᠂ 12 ᠰᠠᠷ᠎ᠠ ᠶᠢᠨ 16 ᠤ ᠡᠲᠦᠷ ᠠᠴᠠ 22 ᠤᠨ ᠡᠲᠦᠷ ᠪᠤᠯᠲᠠᠯ᠎ᠠ 36 ᠲᠤᠮᠤ ᠲᠤᠮᠲᠠ ᠬᠤᠲᠠ ᠶᠢᠨ ᠭᠠᠭ᠋ᠠᠢ ᠶᠢᠨ ᠮᠢᠬᠠᠨ ᠤ ᠪᠦᠭᠡᠮ ᠢᠶᠠᠷ ᠪᠤᠷᠤᠯᠠᠭᠤᠯᠤᠭᠰᠠᠨ ᠦᠨ᠎ᠡ ᠨᠢ ᠺᠢᠯᠤᠭ᠍ᠷᠠᠮ ᠪᠦᠷᠢ ᠳᠡᠭᠡᠨ 43.76 ᠲᠦᠭᠦᠷᠢᠭ ᠪᠠᠢᠵᠤ ᠦᠩᠭᠡᠷᠡᠭᠰᠡᠨ ᠨᠢᠭᠡ ᠭᠠᠷᠠᠭ ᠤᠨ ᠬᠢ ᠠᠴᠠ 0.3% ᠪᠠᠭᠤᠷᠠᠪᠠ᠂ ᠦᠩᠭᠡᠷᠡᠭᠰᠡᠨ 12 ᠰᠠᠷ᠎ᠠ ᠶᠢᠨ ᠡᠬᠢᠨ ᠠᠴᠠ 1.1% ᠪᠠᠷ ᠪᠠᠭᠤᠷᠠᠵᠤ ᠂ 11 ᠰᠠᠷ᠎ᠠ ᠶᠢᠨ ᠡᠬᠢᠨ ᠤ ᠦᠨ᠎ᠠ ᠠᠴᠠ 16.3% ᠪᠠᠷ ᠪᠠᠭᠤᠷᠠᠭᠰᠠᠨ ᠭᠡᠵᠡᠢ᠃
 
ᠢᠷᠡᠯᠲᠡ᠄ ᠰᠢᠨᠬᠤᠧᠠ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1