ᠰᠢᠨᠬᠤᠸᠠ ᠬᠤᠷᠢᠶ᠎ᠠ ᠪᠡᠭᠡᠵᠢᠩ ᠤᠨ 6 ᠰᠠᠷ᠎ᠠ ᠶᠢᠨ 25 ᠡᠳᠦᠷ ᠤᠨ ᠴᠠᠬᠢᠯᠭᠠᠨ ᠮᠡᠳᠡᠭᠡ ︵ᠰᠤᠷᠪᠤᠯᠵᠢᠯᠠᠭᠴᠢ | ᠯᠢᠦ ᠬᠤᠩ ᠰᠢᠶᠠ︶ 25 ᠤ ᠡᠳᠦᠷ ᠬᠢᠯᠢ ᠶᠢᠨ ᠪᠤᠭᠤᠮᠲᠠ ᠶᠢᠨ ᠶᠡᠷᠦᠩᠬᠡᠢ ᠵᠠᠬᠢᠷᠭ᠎ᠠ ᠶᠢᠨ ᠮᠡᠳᠡᠭᠳᠡᠭᠰᠡᠨ ᠢᠶᠠᠷ᠂ | 2018 ᠤᠨ ᠳᠤ ᠪᠦᠬᠦ ᠤᠯᠤᠰ ᠤᠨ ᠬᠢᠯᠢ ᠶᠢᠨ ᠪᠤᠭᠤᠮᠲᠠ ᠨᠡᠶᠢᠲᠡ 604 ᠤᠳᠠᠭ᠎ᠠ ᠬᠢᠯᠢ ᠵᠤᠪᠴᠢᠭᠤᠯᠤᠨ | ᠬᠤᠤᠷᠲᠤ ᠪᠤᠳᠠᠰ ᠠᠷᠠᠯᠵᠢᠶᠠᠯᠠᠭᠰᠠᠨ ᠶᠠᠯᠠᠲᠤ ᠬᠡᠷᠡᠭ ᠢ ᠪᠠᠶᠢᠴᠠᠭᠠᠨ ᠰᠢᠢᠳᠬᠡᠵᠦ᠂ ᠡᠯ᠎ᠡ ᠵᠦᠢᠯ ᠤᠨ ᠬᠤᠤᠷᠲᠤ | ᠪᠤᠳᠠᠰ᠂ ᠬᠢᠮᠢ ᠶᠢᠨ ᠡᠮ ᠢ 37.5 ᠲᠤᠨ ᠬᠤᠷᠢᠶᠠᠮᠵᠢᠯᠠᠪᠠ᠃ | | ᠮᠡᠳᠡᠭᠳᠡᠯ ᠳᠤ᠂ ᠡᠲᠡᠭᠡᠷ 604 ᠬᠡᠷᠡᠭ ᠲᠤ ᠬᠢᠯᠢ ᠵᠤᠪᠴᠢᠭᠤᠯᠤᠨ ᠬᠤᠤᠷᠲᠤ ᠪᠤᠳᠠᠰ ᠠᠷᠠᠯᠵᠢᠶᠠᠯᠠᠭᠰᠠᠨ | ᠶᠠᠯᠠᠲᠤ ᠬᠡᠷᠡᠭ 596 ᠤᠳᠠᠭ᠎ᠠ᠂ ᠾᠧᠷᠦ᠋ᠢᠨ᠂ ᠺᠤᠺᠠᠢᠨ᠂ ᠮᠧᠲ᠋ᠠᠮᠹᠧᠲ᠋ᠠᠮᠢᠨ᠂ ᠮᠠᠷᠢᠬᠤᠸᠠᠨ ᠵᠡᠷᠭᠡ ᠬᠤᠤᠷᠲᠤ ᠪᠤᠳᠠᠰ | 4.61 ᠲᠤᠨ ᠬᠤᠷᠢᠶᠠᠵᠦ᠂ 400 ᠨᠡᠷ᠎ᠡ ᠶᠠᠯᠠᠲᠤ ᠬᠡᠷᠡᠭᠲᠡᠨ ᠢ ᠪᠠᠷᠢᠪᠴᠢᠯᠠᠨ᠂ ᠬᠤᠤᠷ ᠫᠠᠨᠽᠠᠯᠠᠬᠤ ᠪᠦᠯᠦᠭᠲᠠᠨ | 70 ᠶᠢ ᠤᠰᠠᠳᠬᠠᠪᠠ᠃ ᠡᠭᠦᠨ ᠳᠤ 8 ᠤᠳᠠᠭᠠᠨ ᠤ ᠬᠢᠯᠢ ᠵᠤᠪᠴᠢᠭᠤᠯᠤᠨ ᠬᠢᠮᠢ ᠶᠢᠨ ᠡᠮ ᠫᠠᠨᠽᠠᠯᠠᠭᠰᠠᠨ ᠶᠠᠯᠠᠲᠤ | ᠬᠡᠷᠡᠭ ᠪᠠᠶᠢᠵᠦ᠂ 1- ᠹᠧᠨᠢᠯ -1- ᠠᠼᠧᠲ᠋ᠤᠨ᠂ ᠵᠡᠭᠡᠷᠭᠡᠨ᠎ᠡ ᠶᠢᠨ ᠱᠦᠯᠲᠦ ᠵᠡᠷᠭᠡ ᠬᠢᠮᠢ ᠶᠢᠨ ᠡᠮ 32.89 | ᠲᠤᠨ ᠢ ᠬᠤᠷᠢᠶᠠᠮᠵᠢᠯᠠᠪᠠ᠃ | | ᠡᠨᠡ ᠵᠢᠯ ᠤᠨ ᠡᠬᠢᠨ ᠤ ᠲᠠᠪᠤᠨ ᠰᠠᠷ᠎ᠠ ᠳᠤ᠂ ᠪᠦᠬᠦ ᠤᠯᠤᠰ ᠤᠨ ᠬᠢᠯᠢ ᠶᠢᠨ ᠪᠤᠭᠤᠮᠲᠠ ᠬᠢᠯᠢ ᠵᠤᠪᠴᠢᠯᠠᠨ | ᠬᠤᠤᠷᠲᠤ ᠪᠤᠳᠠᠰ ᠫᠠᠨᠽᠠᠯᠠᠭᠰᠠᠨ ᠶᠠᠯᠠᠲᠤ ᠬᠡᠷᠡᠭ ᠢ 284 ᠤᠳᠠᠭ᠎ᠠ ᠪᠠᠶᠢᠴᠠᠭᠠᠨ ᠰᠢᠢᠳᠬᠡᠵᠦ᠂ ᠮᠠᠷᠢᠬᠤᠸᠠᠨ᠂ | ᠾᠧᠷᠦ᠋ᠢᠨ᠂ ᠺᠤᠺᠠᠢᠨ᠂ ᠮᠧᠲ᠋ᠠᠮᠹᠧᠲ᠋ᠠᠮᠢᠨ ᠵᠡᠷᠭᠡ ᠬᠤᠤᠷᠲᠤ ᠪᠤᠳᠠᠰ ᠢ 567.35 ᠺᠢᠯᠦᠭᠷᠠᠮ ᠬᠤᠷᠢᠶᠠᠭᠰᠠᠨ ᠪᠠᠢᠨ᠎ᠠ᠃ | | | ᠬᠢᠯᠢ ᠶᠢᠨ ᠪᠤᠭᠤᠮᠲᠠ ᠶᠢᠨ ᠶᠡᠷᠦᠩᠬᠡᠢ ᠵᠠᠬᠢᠷᠭ᠎ᠠ ᠬᠢᠯᠢ ᠵᠤᠪᠴᠢᠭᠤᠯᠤᠭᠰᠠᠨ ᠪᠠᠷᠠᠭ᠎ᠠ ᠶᠢ ᠢᠯᠡᠷᠡᠬᠦᠯᠬᠦ | ᠲᠤᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠤ ᠬᠡᠯᠡᠬᠦ ᠪᠠᠷ᠂ ᠦᠨᠦ ᠬᠢᠯᠢ ᠶᠢᠨ ᠴᠢᠨᠠᠲᠤᠬᠢ ᠬᠤᠤᠷᠲᠤ | ᠪᠤᠳᠠᠰ ᠤᠨ ᠡᠭᠦᠰᠦᠯ ᠤᠨ ᠭᠠᠵᠠᠷ ᠠᠴᠠ ᠮᠠᠨ ᠤ ᠤᠯᠤᠰ ᠲᠤ ᠨᠡᠪᠲᠡᠷᠡᠨ ᠤᠷᠤᠵᠦ ᠢᠷᠡᠬᠦ ᠬᠤᠤᠷᠲᠤ ᠪᠤᠳᠠᠰ ᠮᠠᠰᠢ | ᠤᠯᠠᠨ ᠪᠠᠶᠢᠵᠦ᠂ ᠪᠠᠢᠲᠠᠯ ᠲᠦᠪᠡᠭᠲᠠᠢ᠂ ᠬᠤᠤᠷᠲᠤ ᠪᠤᠳᠠᠰ ᠫᠠᠨᠽᠠᠯᠠᠬᠤ ᠪᠠᠶᠢᠳᠡᠯ ᠬᠦᠨᠳᠦ ᠨᠤᠴᠢᠲᠠᠢ᠂ ᠬᠤᠤᠷ | ᠢᠯᠡᠷᠡᠭᠦᠯᠬᠦ ᠡᠭᠦᠷᠭᠡ ᠬᠡᠴᠡᠭᠦᠦ ᠪᠠᠶᠢᠭᠰᠠᠭᠠᠷ᠃ ᠪᠦᠬᠦ ᠤᠯᠤᠰ ᠤᠨ ᠬᠢᠯᠢ ᠶᠢᠨ ᠪᠤᠭᠤᠮᠲᠠ ᠬᠤᠤᠷ ᠫᠠᠨᠽᠠᠯᠠᠬᠤ ᠳᠤ | ᠦᠷᠭᠦᠯᠵᠢᠯᠡᠨ ᠬᠦᠨᠳᠦ ᠴᠤᠬᠢᠯᠲᠠ ᠦᠭᠭᠦᠨ᠂ ᠬᠤᠤᠷ ᠰᠠᠷᠢᠭᠠᠯᠠᠬᠴᠢᠳ ᠢ ᠪᠠᠷᠢᠪᠴᠢᠯᠠᠬᠤ ᠶᠢ ᠤᠯᠠᠮ | ᠡᠷᠴᠢᠮᠵᠢᠭᠦᠯᠦᠨ ᠬᠢᠯᠢ ᠶᠢᠨ ᠪᠤᠭᠤᠮᠲᠠ ᠶᠢᠨ ᠬᠤᠤᠷ ᠫᠠᠨᠽᠠᠯᠠᠬᠤ ᠶᠢ ᠪᠠᠶᠢᠴᠠᠭᠠᠬᠤ ᠴᠢᠳᠠᠮᠵᠢ ᠶᠢ ᠳᠡᠭᠡᠭᠰᠢᠯᠡᠭᠦᠯᠦᠨ᠂ | ᠬᠢᠯᠢ ᠶᠢᠨ ᠪᠤᠭᠤᠮᠲᠠ ᠶᠢᠨ ᠤᠯᠠᠨ ᠤᠯᠤᠰ ᠲᠠᠢ ᠬᠠᠮᠲᠤᠷᠠᠨ ᠠᠵᠢᠯᠯᠠᠬᠤ ᠴᠢᠳᠠᠪᠤᠷᠢ ᠶᠢ ᠪᠠᠳᠠᠷᠠᠭᠤᠯᠵᠦ᠂ ᠪᠠᠶᠢᠴᠠᠭᠠᠨ | ᠰᠡᠷᠭᠡᠶᠢᠯᠡᠬᠦ ᠲᠤᠭᠲᠠᠯᠴᠠᠭ᠎ᠠ ᠶᠢ ᠦᠷᠭᠦᠯᠵᠢᠯᠡᠨ ᠰᠠᠶᠢᠵᠢᠷᠠᠭᠤᠯᠵᠦ ᠮᠦᠷᠲᠡᠭᠡᠨ ᠬᠤᠤᠷᠲᠤ ᠪᠤᠳᠠᠰ ᠤᠨ ᠬᠤᠤᠷ | ᠬᠦᠨᠦᠭᠡᠯ ᠢ ᠬᠢᠯᠢ ᠶᠢᠨ ᠭᠠᠳᠠᠨ᠎ᠠ ᠲᠤᠰᠤᠨ ᠴᠤᠬᠢᠨ᠎ᠠ ᠭᠡᠰᠡᠨ ᠪᠠᠶᠢᠨ᠎ᠠ᠃ ︵ᠳᠠᠳᠤᠯᠭ᠎ᠠ ᠶᠢᠨ ᠨᠠᠢᠷᠠᠭᠤᠯᠤᠭᠴᠢ ᠴᠡᠯᠮᠡᠭ | ︶ |