ᠰᠢᠨᠬᠤᠧᠠ ᠬᠤᠷᠢᠶ᠎ᠠ ᠪᠡᠭᠡᠵᠢᠩ ᠤᠨ 6 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ︵ | ᠰᠤᠷᠪᠤᠯᠵᠢᠯᠠᠭᠴᠢ ᠶᠧ ᠬᠤᠤ ᠮᠢᠩ︶ ᠰᠤᠷᠪᠤᠯᠵᠢᠯᠠᠭᠴᠢ 10 ᠤ ᠡᠲᠦᠷ ᠪᠠᠴᠢᠮ ᠪᠠᠢᠲᠠᠯ ᠢ ᠠᠷᠭᠠᠴᠠᠭᠠᠬᠤ | ᠶᠠᠮᠤᠨ ᠠᠴᠠ ᠤᠢᠯᠠᠭᠠᠭᠰᠠᠨ ᠢᠶᠠᠷ᠂ ᠪᠠᠴᠢᠮ ᠪᠠᠢᠲᠠᠯ ᠢ ᠠᠷᠭᠠᠴᠠᠭᠠᠬᠤ ᠶᠠᠮᠤᠨ ᠤᠢᠷ᠎ᠠ ᠳᠤ ᠤᠯᠠᠨ ᠰᠠᠯᠠᠭ᠎ᠠ | ᠮᠦ᠋ᠴᠢᠷ ᠲᠠᠢ ᠬᠠᠮᠲᠤᠷᠠᠨ 2019 ᠤᠨ ᠤ 5 ᠰᠠᠷ᠎ᠠ ᠳᠤ ᠭᠠᠷᠤᠭᠰᠠᠨ ᠪᠦᠬᠦ ᠤᠯᠤᠰ ᠤᠨ ᠪᠠᠢᠭᠠᠯᠢ ᠶᠢᠨ | ᠭᠠᠮᠰᠢᠭ ᠤᠨ ᠲᠤᠬᠠᠢ ᠰᠢᠨᠵᠢᠯᠡᠵᠦ ᠲᠤᠭᠲᠠᠭᠠᠭᠰᠠᠨ ᠢᠶᠠᠷ᠂ 5 ᠰᠠᠷ᠎ᠠ ᠳᠤ ᠡᠯ᠎ᠡ ᠲᠦᠷᠦᠯ ᠤᠨ ᠪᠠᠢᠭᠠᠯᠢ ᠶᠢᠨ | ᠭᠠᠮᠰᠢᠭ ᠢᠶᠠᠷ ᠪᠦᠬᠦ ᠤᠯᠤᠰ ᠲᠤ ᠲᠠᠪᠬᠤᠷᠲᠠᠭᠰᠠᠨ ᠲᠤᠭ᠎ᠠ ᠪᠠᠷ 989 ᠲᠦᠮᠡᠨ ᠬᠦᠮᠦᠨ ᠭᠠᠮᠰᠢᠭᠲᠠᠵᠤ᠂ 43 | ᠬᠦᠮᠦᠨ ᠠᠮᠢ ᠪᠠᠨ ᠠᠯᠲᠠᠵᠤ᠂ 4 ᠬᠦᠮᠦᠨ ᠠᠯᠠᠭ᠎ᠠ ᠪᠤᠯᠪᠠ᠂ ᠲᠠᠪᠬᠤᠷᠲᠠᠭᠰᠠᠨ ᠲᠤᠭ᠎ᠠ ᠪᠠᠷ 12.7 ᠲᠦᠮᠡᠨ | ᠬᠦᠮᠦᠨ ᠢ ᠪᠠᠴᠢᠮ ᠨᠡᠭᠦᠯᠭᠡᠨ ᠲᠦᠪᠬᠢᠨᠡᠭᠦᠯᠪᠡ᠃ | ᠪᠦᠷᠢᠳᠭᠡᠭᠰᠡᠨ ᠢᠶᠠᠷ 5 ᠰᠠᠷ᠎ᠠ ᠳᠤ ᠮᠠᠨ ᠤ ᠤᠯᠤᠰ ᠲᠤ ᠭᠠᠩ ᠬᠠᠭᠰᠠᠷᠠᠭᠠᠨ᠂ ᠦᠶᠡᠷ ᠤᠰᠤᠲᠤᠯ᠂ ᠰᠠᠯᠬᠢ | ᠮᠦᠨᠳᠦᠷ ᠤᠨ ᠭᠠᠮᠰᠢᠭ ᠢᠶᠠᠷ ᠭᠤᠤᠯᠯᠠᠵᠤ᠂ ᠭᠠᠵᠠᠷ ᠬᠦᠲᠡᠯᠦᠯᠲᠡ᠂ ᠭᠧᠤᠯᠤᠬᠢ᠂ ᠬᠢᠷᠠᠭᠤ ᠬᠦᠯᠳᠡᠬᠦ᠂ ᠴᠠᠰᠤ ᠵᠤᠳ | ᠪᠤᠯᠤᠨ ᠤᠢ ᠶᠢᠨ ᠲᠦᠢᠮᠡᠷ ᠵᠡᠷᠭᠡ ᠭᠠᠮᠰᠢᠭ ᠠᠳᠠᠯᠢ ᠪᠤᠰᠤ ᠬᠡᠮᠵᠢᠶ ᠠ ᠪᠠᠷ ᠡᠭᠦᠰᠦᠭᠰᠡᠨ ᠪᠠᠢᠨ᠎ᠠ᠃ ᠡᠯ᠎ᠡ | ᠲᠦᠷᠦᠯ ᠤᠨ ᠪᠠᠢᠭᠠᠯᠢ ᠶᠢᠨ ᠭᠠᠮᠰᠢᠭ ᠠᠴᠠ ᠪᠤᠯᠵᠤ 7000 ᠭᠠᠷᠤᠢ ᠲᠠᠰᠤᠯᠭ᠎ᠠ ᠪᠠᠢᠰᠢᠩ ᠨᠤᠷᠠᠵᠤ᠂ 5000 | ᠭᠠᠷᠤᠢ ᠲᠠᠰᠤᠯᠭ᠎ᠠ ᠪᠠᠢᠰᠢᠩ ᠨᠤᠴᠢᠲᠠᠢ ᠡᠪᠲᠡᠭᠲᠡᠵᠦ᠂ 7.5 ᠲᠦᠮᠡᠨ ᠲᠠᠰᠤᠯᠭ᠎ᠠ ᠪᠠᠢᠰᠢᠩ ᠰᠦᠢᠳᠦᠭᠰᠡᠨ ᠪᠠᠢᠨ᠎ᠠ︔ | 1313.3 ᠡᠾᠧᠺᠲ᠋ᠠᠷ ᠲᠠᠷᠢᠮᠠᠯ ᠭᠠᠮᠰᠢᠭᠲᠠᠵᠤ᠂ 82 ᠡᠾᠧᠺᠲ᠋ᠠᠷ ᠲᠠᠯᠠᠪᠠᠢ ᠨᠢ ᠬᠤᠷᠢᠶᠠᠯᠲᠠ ᠠᠯᠲᠠᠵᠤ ᠡᠳ᠋ ᠤᠨ | ᠵᠠᠰᠠᠭ ᠤᠨ ᠰᠢᠭᠤᠳ ᠬᠤᠬᠢᠷᠠᠯ 119.6 ᠳ᠋ᠦᠩᠰᠢᠭᠤᠷ ᠲᠦᠭᠦᠷᠢᠭ ᠲᠤ ᠬᠦᠷᠪᠡ᠃ ᠡᠮᠦᠨᠡᠲᠤ ᠤᠷᠤᠨ ᠳᠤ | ᠦᠷᠬᠦᠯᠵᠢᠯᠡᠨ ᠪᠤᠷᠤᠭᠠᠨ ᠤᠷᠤᠪᠠ︔ ᠶᠦᠨᠨᠠᠨ᠂ ᠰᠧᠴᠤᠧᠠᠨ ᠪᠤᠯᠤᠨ ᠬᠤᠧᠠᠩ ᠬᠤᠧᠠᠢ ᠵᠡᠷᠭᠡ ᠭᠠᠵᠠᠷ ᠤᠨ | ᠭᠠᠩ ᠤᠨ ᠪᠠᠢᠲᠠᠯ ᠨᠡᠯᠢᠶᠡᠳ ᠬᠦᠨᠳᠦ ᠨᠤᠴᠢᠲᠠᠢ︔ ᠤᠮᠠᠷᠠᠲᠤ ᠤᠷᠤᠨ ᠤ ᠵᠠᠷᠢᠮ ᠭᠠᠵᠠᠷ ᠲᠤ ᠴᠢᠩᠭ᠎ᠠ ᠰᠤᠯᠢᠭ | ᠤᠷᠤᠰᠬᠠᠯᠲᠤ ᠠᠭᠤᠷ ᠠᠮᠢᠰᠬᠤᠯ ᠢᠯᠡᠷᠡᠵᠦ᠂ ᠡᠬᠡ ᠬᠠᠭᠤᠷᠠᠢ ᠳᠤ ᠨᠡᠢᠲᠡ 7 ᠤᠲᠠᠭ᠎ᠠ 4 ᠲᠡᠰ ᠠᠴᠠ ᠲᠡᠭᠡᠭᠰᠢ | ᠭᠠᠵᠠᠷ ᠬᠦᠲᠡᠯᠵᠦ᠂ ᠡᠭᠦᠨ ᠳᠤ 5 ᠲᠡᠰ ᠠᠴᠠ ᠲᠡᠭᠡᠭᠰᠢ 1 ᠤᠲᠠᠭ᠎ᠠ ᠭᠠᠵᠠᠷ ᠬᠦᠲᠡᠯᠪᠡ︔ ᠤᠮᠠᠷᠠᠲᠤ ᠤᠷᠤᠨ | ᠪᠠᠷᠠᠭᠤᠨ ᠬᠤᠢᠲᠤ ᠤᠷᠤᠨ ᠳᠤ ᠬᠢᠷᠠᠭᠤ ᠬᠦᠯᠲᠡᠪᠡ᠃ | 5 ᠰᠠᠷ᠎ᠠ ᠳᠤ ᠮᠠᠨ ᠤ ᠤᠯᠤᠰ ᠲᠤ 6 ᠤᠲᠠᠭ᠎ᠠ ᠶᠡᠭᠡ ᠬᠦᠷᠢᠶ ᠡ ᠬᠡᠪᠴᠢᠶ᠎ᠠ ᠪᠠᠷ ᠪᠤᠷᠤᠭᠠᠨ ᠦᠷᠬᠦᠯᠵᠢᠯᠡᠵᠦ᠂ | ᠡᠭᠦᠨ ᠳᠤ 5 ᠰᠠᠷ᠎ᠠ ᠶᠢᠨ 24 ᠤ ᠡᠲᠦᠷ ᠠᠴᠠ ᠨᠠᠭᠠᠰᠢ ᠡᠮᠦᠨᠡᠲᠦ ᠤᠷᠤᠨ ᠳᠤ ᠰᠢᠷᠦᠬᠦᠨ ᠪᠤᠷᠤᠭᠠᠨ ᠤᠷᠤᠵᠤ | ᠵᠢᠶᠠᠩᠨᠠᠨ᠂ ᠬᠤᠧᠠᠨᠠᠨ᠂ ᠪᠠᠷᠠᠭᠤᠨ ᠡᠮᠦᠨᠡᠲᠤ ᠤᠷᠤᠨ ᠳᠤ ᠤᠷᠤᠭᠰᠠᠨ ᠪᠤᠷᠤᠭᠠᠨ ᠤ ᠬᠡᠮᠵᠢᠶ᠎ᠠ 50 ᠰᠠᠨᠲ᠋ᠢᠮᠧᠲᠷ ᠲᠤ | ᠬᠦᠷᠪᠡ᠂ ᠭᠤᠧᠠᠩᠰᠢ ᠶᠢᠨ ᠵᠠᠷᠢᠮ ᠭᠠᠵᠠᠷ ᠲᠤ 200 ᠠᠴᠠ 400 ᠰᠠᠨᠲ᠋ᠢᠮᠧᠲᠷ ᠲᠤ ᠬᠦᠷᠪᠡ᠃ | ᠪᠦᠷᠢᠳᠭᠡᠭᠰᠡᠨ ᠢᠶᠠᠷ᠂ 5 ᠰᠠᠷ᠎ᠠ ᠳᠤ ᠦᠶᠡᠷ ᠤᠰᠤᠲᠤᠯ ᠠᠴᠠ ᠪᠤᠯᠵᠤ ᠪᠦᠬᠦ ᠤᠯᠤᠰ ᠤᠨ ᠲᠠᠪᠬᠤᠷᠲᠠᠭᠰᠠᠨ | ᠲᠤᠭ᠎ᠠ ᠪᠠᠷ 359 ᠲᠦᠮᠡᠨ ᠭᠠᠮᠰᠢᠭᠲᠠᠵᠤ᠂ 29 ᠬᠦᠮᠦᠨ ᠠᠮᠢ ᠪᠠᠨ ᠠᠯᠲᠠᠵᠤ 4 ᠬᠦᠮᠦᠨ ᠰᠤᠷᠠᠭ ᠲᠠᠰᠤᠷᠠᠪᠠ᠂ | 11.4 ᠲᠦᠮᠡᠨ ᠬᠦᠮᠦᠨ ᠢ ᠪᠠᠴᠢᠮ ᠨᠡᠭᠦᠯᠭᠡᠨ ᠰᠢᠯᠵᠢᠬᠦᠯᠵᠦ᠂ 7000 ᠭᠠᠷᠤᠢ ᠲᠠᠰᠤᠯᠭ᠎ᠠ ᠪᠠᠢᠰᠢᠩ ᠨᠤᠷᠠᠵᠤ᠂ 6 | ᠲᠦᠮᠡ ᠭᠠᠷᠤᠢ ᠲᠠᠰᠤᠯᠭ᠎ᠠ ᠪᠠᠢᠰᠢᠩ ᠠᠳᠠᠯᠢ ᠪᠤᠰᠤ ᠬᠡᠮᠵᠢᠶ᠎ᠠ ᠪᠠᠷ ᠡᠪᠲᠡᠭᠲᠡᠪᠡ᠃ ᠡᠳ᠋ ᠤᠨ ᠵᠠᠰᠠᠭ ᠤᠨ ᠰᠢᠭᠤᠳ | ᠬᠤᠬᠢᠷᠠᠯ 60.8 ᠳ᠋ᠦᠩᠰᠢᠭᠤᠷ ᠲᠦᠭᠦᠷᠢᠭ ᠲᠤ ᠬᠦᠷᠪᠡ᠃ | ᠶᠡᠷᠦᠩᠬᠡᠢ ᠳᠤᠨᠢ ᠦᠵᠡᠪᠡᠯ᠂ 5 ᠰᠠᠷ᠎ᠠ ᠳᠤ ᠪᠦᠬᠦ ᠤᠯᠤᠰ ᠤᠨ ᠭᠠᠮᠰᠢᠭ ᠤᠨ ᠪᠠᠢᠲᠠᠯ 5 ᠵᠢᠯ ᠤᠨ | ᠲᠤᠲᠤᠷᠠᠬᠢ ᠠᠳᠠᠯᠢ ᠬᠤᠭᠤᠴᠠᠭᠠᠨ ᠤ ᠬᠢ ᠠᠴᠠ ᠨᠡᠯᠢᠶᠡᠳ ᠬᠦᠩᠭᠡᠨ᠂ ᠡᠭᠦᠨ ᠳᠤ ᠭᠠᠮᠰᠢᠭ ᠠᠴᠠ ᠪᠤᠯᠵᠤ ᠠᠮᠢ ᠪᠠᠨ | ᠠᠯᠲᠠᠭᠰᠠᠨ ᠬᠦᠮᠦᠨ ᠪᠤᠯᠤᠨ ᠨᠤᠷᠠᠭᠰᠠᠨ ᠪᠠᠢᠰᠢᠩ ᠤᠨ ᠶᠡᠷᠦᠩᠬᠡᠢ ᠲᠤᠭ᠎ᠠ ᠨᠢ ᠲᠤᠰᠪᠤᠷᠢ 36% ᠪᠤᠯᠤᠨ | 22% ᠪᠠᠷ ᠪᠠᠭᠠᠰᠤᠭᠰᠠᠨ ᠪᠠᠢᠨ᠎ᠠ᠃ |