ᠰᠢᠨᠬᠤᠸᠠ ᠬᠤᠷᠢᠶ ᠠ ︽ᠰᠢᠤᠸᠠᠢ ᠯᠦᠩ 2︾ ᠨᠤᠮᠤᠷᠲᠤ ᠶᠢᠨ 11 ᠰᠠᠷ᠎ᠠ ᠶᠢᠨ 24 ᠤ ᠡᠳᠦᠷ ᠤᠨ | ᠮᠡᠳᠡᠭᠡ ︵ᠰᠤᠷᠪᠤᠯᠵᠢᠯᠠᠭᠴᠢ ᠯᠢᠦ ᠱᠢ ᠫᠢᠩ︶ ︽ᠰᠢᠤᠸᠠᠢ ᠯᠦᠩ 2︾ ᠨᠤᠮᠤᠷᠲᠤ ᠲᠦᠯ ᠤᠨ ᠤᠷᠤᠨ ᠢ ᠬᠠᠢᠨ | ᠰᠢᠨᠵᠢᠯᠡᠬᠦ ᠮᠦᠰᠦ ᠬᠠᠭᠠᠯᠬᠤ ᠤᠩᠭᠤᠴᠠ ᠪᠡᠭᠡᠵᠢᠩ ᠤᠨ ᠴᠠᠭ ᠢᠶᠠᠷ 23 ᠤ ᠡᠳᠦᠷ ᠤᠨ 1᠄ 30 ᠴᠠᠭ ᠲᠤ | ᠵᠦᠩᠱᠠᠨ ᠦᠷᠳᠡᠭᠡ ᠶᠢᠨ ᠤᠢᠷᠠᠯᠴᠠᠭᠠᠬᠢ ᠤᠰᠤᠨ ᠵᠠᠮ ᠤᠨ ᠠᠶᠠᠯᠠᠯ ᠤᠨ ᠮᠦᠰᠦ ᠬᠠᠭᠠᠯᠬᠤ ᠡᠬᠦᠷᠬᠡ ᠪᠠᠨ | ᠳᠠᠭᠤᠰᠬᠠᠵᠤ᠂ ᠮᠦᠰᠦ ᠬᠠᠭᠠᠯᠬᠤ ᠪᠠ ᠮᠦᠷᠭᠦᠨ ᠬᠠᠭᠠᠯᠬᠤ ᠬᠡᠯᠪᠡᠷᠢ ᠪᠠᠷ ︽ᠰᠢᠤᠸᠠᠢ ᠯᠦᠩ︾ ᠨᠤᠮᠤᠷᠲᠤ ᠶᠢᠨ | ᠲᠠᠯᠠᠢ ᠶᠢᠨ ᠲᠡᠭᠡᠭᠡᠪᠤᠷᠢ ᠪᠠᠭᠤᠯᠭᠠᠬᠤ ᠠᠵᠢᠯ ᠳᠤ 14 ᠮᠢᠯ ︵1 ᠮᠢᠯ ᠨᠢ ᠪᠠᠷᠦᠭ 1.85 ᠺᠢᠯᠤᠮᠤᠲᠷ︶ ᠤᠰᠤᠨ | ᠵᠠᠮ ᠢ ᠨᠡᠭᠡᠭᠡᠵᠦ ᠦᠭᠴᠡᠢ᠃ | | ᠲᠦᠯᠦᠪᠯᠡᠭᠡ ᠶᠤᠰᠤᠭᠠᠷ ︽ᠰᠢᠤᠸᠠᠢ ᠯᠦᠩ 2︾ ᠨᠤᠮᠤᠷᠲᠤ ᠶᠢᠨ ᠵᠦᠩᠱᠠᠨ ᠦᠷᠳᠡᠭᠡ ᠶᠢᠨ ᠤᠢᠷᠠᠯᠴᠠᠭᠠᠬᠢ | ᠫᠷᠢᠲᠽ ᠪᠤᠯᠤᠩ ᠤᠨ ᠲᠤᠭᠲᠠᠮᠠᠯ ᠮᠦᠰᠦᠨ ᠤᠷᠤᠨ ᠳᠠᠬᠢ ᠮᠦᠰᠦ ᠬᠠᠭᠠᠯᠬᠤ ᠠᠵᠢᠯ ᠶᠠᠪᠤᠭᠳᠠᠭᠰᠠᠭᠠᠷ᠂ | ᠤᠩᠭᠤᠴᠠᠨ ᠤ ᠬᠤᠰᠢᠭᠤ ᠪᠤᠯᠤᠨ ᠰᠡᠬᠦᠯ ᠤᠨ ᠬᠡᠰᠡᠭ ᠤᠨ ᠮᠦᠰᠦ ᠬᠠᠭᠠᠯᠬᠤ᠂ ᠮᠦᠰᠦᠨ ᠲᠤᠮᠳᠠ ᠠᠴᠠ ᠪᠤᠴᠠᠵᠤ | ᠡᠷᠬᠢᠬᠦ ᠵᠡᠷᠭᠡ ᠮᠦᠰᠦᠨ ᠤᠷᠤᠨ ᠳᠠᠬᠢ ᠠᠶᠠᠯᠠᠯ ᠤᠨ ᠴᠢᠳᠠᠮᠵᠢ ᠶᠢ ᠰᠢᠯᠭᠠᠵᠠᠢ᠃ | | ︽ᠰᠢᠤᠸᠠᠢ ᠯᠦᠩ 2︾ ᠨᠠᠷᠠᠮᠵᠢᠲᠤ ᠬᠦᠯᠭᠡ ᠤᠩᠭᠤᠴᠠ ᠶᠢᠨ ᠨᠡᠭᠡᠭᠡᠭᠰᠡᠨ ᠰᠢᠨ᠎ᠡ ᠠᠶᠠᠯᠠᠯ ᠤᠨ ᠵᠠᠮ ᠨᠢ ︽ | ᠰᠢᠤᠸᠠᠢ ᠯᠦᠩ︾ ᠨᠠᠷᠠᠮᠵᠢᠲᠤ ᠬᠦᠯᠭᠡ ᠤᠩᠭᠤᠴᠠ ᠶᠢ ᠵᠦᠩᠱᠠᠨ ᠦᠷᠳᠡᠭᠡᠨ ᠳᠤ ᠨᠡᠩ ᠤᠢᠷ᠎ᠠ ᠵᠤᠭᠰᠤᠬᠤ | ᠪᠤᠯᠭᠠᠵᠤ᠂ ᠪᠠᠷᠠᠭ᠎ᠠ ᠪᠠᠭᠤᠯᠭᠠᠬᠤ ᠳᠤ ᠴᠤ ᠨᠡᠩ ᠠᠮᠤᠷ ᠲᠦᠪᠰᠢᠨ ᠪᠤᠯᠭᠠᠪᠠ᠃ | | 36 ᠳ᠋ᠤᠭᠠᠷ ᠤᠳᠠᠭᠠᠨ ᠤ ᠲᠤᠮᠲᠠᠲᠤ ᠤᠯᠤᠰ ᠤᠨ ᠡᠮᠦᠨᠡᠲᠦ ᠲᠦᠯ ᠤᠨ ᠰᠢᠨᠵᠢᠯᠡᠬᠦ ᠤᠬᠠᠭᠠᠨ ᠢ ᠬᠠᠢᠨ | ᠰᠢᠨᠵᠢᠯᠡᠬᠦ ᠪᠠᠭ ᠤᠨ ᠳᠡᠳ᠋ ᠳᠠᠷᠤᠭ᠎ᠠ ᠰᠢᠦ ᠿᠧᠨ ᠬᠡᠯᠡᠬᠦ ᠳᠡᠭᠡᠨ᠂ ᠲᠤᠰ ᠤᠳᠠᠭ᠎ᠠ ᠵᠦᠩᠱᠠᠨ ᠦᠷᠳᠡᠭᠡᠨ ᠳᠤ | 1450 ᠲᠤᠨ ᠡᠳ᠋ ᠪᠠᠷᠠᠭ᠎ᠠ ᠪᠠᠭᠤᠯᠭᠠᠬᠤ ᠪᠠᠷ ᠲᠦᠯᠦᠪᠯᠡᠵᠦ ᠪᠠᠶᠢᠨ᠎ᠠ᠂ ᠡᠳᠡᠭᠡᠷ ᠡᠳ᠋ ᠪᠠᠷᠠᠭ᠎ᠠ ᠶᠢ ᠠᠯᠢ | ᠲᠦᠷᠭᠡᠨ ᠢᠶᠠᠷ ᠵᠦᠩᠱᠠᠨ ᠦᠷᠳᠡᠭᠡ ᠪᠤᠯᠤᠨ ᠤᠯᠤᠰ ᠤᠨ ᠡᠬᠡ ᠬᠠᠭᠤᠷᠠᠢ ᠶᠢᠨ ᠰᠠᠭᠤᠷᠢᠨ ᠭᠠᠵᠠᠷ ᠤᠨ ᠬᠤᠭᠤᠷᠤᠨᠲᠤ | ᠠᠮᠦᠷ ᠲᠦᠪᠰᠢᠨ ᠳᠡᠭᠡᠭᠡᠪᠤᠷᠢᠯᠡᠬᠦ ᠪᠠᠷ ᠴᠢᠷᠮᠠᠶᠢᠨ ᠠᠵᠢᠯᠯᠠᠵᠤ ᠪᠤᠢ ᠭᠡᠯᠡ᠃ |