ᠮᠠᠨ ᠤ ᠤᠯᠤᠰ ︽ᠭᠢᠷᠢᠨ ᠨᠢᠭᠡᠲᠦᠭᠡᠷ︾ ᠦᠨᠳᠦᠷ ᠢᠯᠭᠤᠮᠵᠢᠲᠤ 02A ᠲᠠᠭᠠᠭᠤᠯᠢ ᠤᠲᠤ ᠶᠢ ᠠᠮᠵᠢᠯᠲᠠ ᠲᠠᠢ ᠬᠦᠭᠡᠷᠭᠡᠪᠡ
ᠨᠡᠶᠢᠲᠡᠯᠡᠭᠰᠡᠨ ᠴᠠᠭ᠄
2019-11-14
     ᠰᠢᠨᠬᠤᠧᠠ ᠬᠤᠷᠢᠶ᠎ᠠ ᠵᠢᠦᠴᠢᠤᠧᠠᠨ ᠤ 11 ᠰᠠᠷ᠎ᠠ ᠶᠢᠨ 13 ᠤ ᠡᠲᠦᠷ ᠤᠨ ᠴᠠᠬᠢᠯᠭᠠᠨ ᠮᠡᠲᠡᠭᠡ ︵ᠰᠢᠦᠢ ᠢ᠂ ᠵᠤᠤ ᠶᠢᠨ ᠯᠦᠩ︶ ︽ᠺᠤᠧᠠᠢ ᠵᠧᠤ᠂ ᠪᠢᠲᠠᠨ ᠤ ᠤᠷᠴᠢᠯᠠᠩ ᠨᠡᠷᠡᠮᠵᠢᠲᠤ︾ ᠺᠤᠧᠠᠢ ᠵᠧᠤ ᠨᠢᠭᠡᠲᠦᠭᠡᠷ ᠵᠢᠶᠠ ᠶᠤᠤ ᠠᠷᠪᠠᠨ ᠨᠢᠭᠡᠲᠦᠭᠡᠷ ᠠᠴᠢᠶᠠᠯᠠᠭᠴᠢ ᠬᠡᠮᠡᠭᠰᠡᠨ ᠭᠠᠯᠲᠤ ᠲᠡᠢᠷᠦᠯᠲᠤ 11 ᠰᠠᠷ᠎ᠠ ᠶᠢᠨ 13 ᠤ ᠡᠲᠦᠷ ᠤᠨ 11᠄ 40 ᠴᠠᠭ ᠲᠤ ᠮᠠᠨ ᠤ ᠤᠯᠤᠰ ᠤᠨ ᠵᠢᠤᠴᠢᠤᠧᠠᠨ ᠤ ᠲᠠᠭᠠᠭᠤᠯᠢ ᠤᠲᠤ ᠬᠦᠭᠡᠷᠭᠡᠬᠦ ᠲᠦᠪ ᠠᠴᠠ ︽ᠭᠢᠷᠢᠨ ᠨᠢᠭᠡᠲᠦᠭᠡᠷ︾ ᠦᠨᠳᠦᠷ ᠢᠯᠭᠤᠮᠵᠢᠲᠤ 02A ᠲᠠᠭᠠᠭᠤᠯᠢ ᠤᠲᠤ ᠶᠢ ᠠᠮᠵᠢᠯᠲᠠ ᠲᠠᠢ ᠬᠦᠭᠡᠷᠭᠡᠪᠡ᠃      ︽ᠭᠢᠷᠢᠨ ᠨᠢᠭᠡᠲᠦᠭᠡᠷ︾ ᠦᠨᠳᠦᠷ ᠢᠯᠭᠤᠮᠵᠢᠲᠤ 02A ᠲᠠᠭᠠᠭᠤᠯᠢ ᠤᠲᠤ ᠨᠢ ᠴᠠᠩ ᠭᠤᠧᠠᠩ ᠲᠠᠭᠠᠭᠤᠯᠢ ᠤᠲᠤᠨ ᠤ ᠮᠡᠷᠭᠡᠵᠢᠯ ᠤᠨ ᠬᠢᠵᠠᠭᠠᠷᠲᠤ ᠺᠤᠮᠫᠠᠨᠢ ᠶᠢᠨ ᠦᠪᠡᠷ ᠢᠶᠠᠨ ᠰᠤᠲᠤᠯᠵᠤ ᠪᠦᠲᠦᠭᠡᠭᠰᠡᠨ ᠰᠢᠨ᠎ᠡ ᠬᠡᠯᠪᠡᠷᠢ ᠶᠢᠨ ᠭᠡᠷᠡᠯ ᠤᠨ ᠤᠬᠠᠭᠠᠨ ᠤ ᠠᠯᠦᠰ ᠰᠡᠷᠡᠯ ᠤᠨ ᠲᠠᠭᠠᠭᠤᠯᠢ ᠤᠲᠤ ᠪᠤᠯᠬᠤ ᠶᠤᠮ᠃ ᠦᠨᠳᠦᠷ ᠲᠤᠲᠤᠷᠠᠴᠠ ᠲᠠᠢ᠂ ᠦᠨᠳᠦᠷ ᠬᠤᠷᠲᠤ ᠪᠠᠷ ᠲᠤᠭ᠎ᠠ ᠪᠠᠷᠢᠮᠲᠠ ᠶᠢ ᠲᠠᠮᠵᠢᠭᠤᠯᠲᠠᠭ ᠵᠡᠷᠭᠡ ᠪᠠᠷ ᠢᠶᠠᠨ ᠤᠨᠴᠠᠯᠠᠭᠲᠠᠨ᠎ᠠ᠃ ᠡᠨᠡ ᠬᠦ ᠲᠠᠭᠠᠭᠤᠯᠢ ᠤᠲᠤ ᠨᠢ ᠲᠤᠭᠤᠷᠢᠯᠲᠠ ᠶᠢᠨ ᠵᠠᠮ ᠳᠠᠭᠠᠨ ᠤᠷᠤᠭᠰᠠᠨ ᠤ ᠲᠠᠷᠠᠭ᠎ᠠ 13 ︽ᠭᠢᠷᠢᠨ ᠨᠢᠭᠡᠲᠦᠭᠡᠷ︾ ᠲᠠᠭᠠᠭᠤᠯᠢ ᠤᠲᠤ ᠲᠠᠢ ᠲᠤᠤᠷ ᠪᠤᠯᠤᠨ ᠪᠦᠷᠢᠯᠲᠦᠵᠦ᠂ ᠲᠠᠷᠢᠶᠠᠯᠠᠩ᠂ ᠤᠢ ᠰᠢᠭᠤᠢ᠂ ᠡᠬᠢ ᠪᠠᠶᠠᠯᠢᠭ᠂ ᠪᠠᠢᠭᠠᠯᠢ ᠤᠷᠴᠢᠨ ᠵᠡᠷᠭᠡ ᠲᠤᠬᠠᠢᠯᠠᠭᠰᠠᠨ ᠠᠵᠢᠯ ᠤᠨ ᠬᠢᠨ ᠳᠤ ᠨᠡᠩ ᠡᠯᠪᠡᠭ ᠪᠠᠶᠠᠯᠢᠭ ᠠᠯᠦᠰ ᠰᠡᠷᠡᠯ ᠤᠨ ᠲᠤᠭ᠎ᠠ ᠪᠠᠷᠢᠮᠲᠠ ᠪᠤᠯᠤᠨ ᠪᠦᠲᠦᠭᠡᠭᠲᠡᠬᠦᠨ ᠤ ᠦᠢᠯᠡᠴᠢᠯᠡᠭᠡ ᠬᠠᠩᠭᠠᠬᠤ ᠪᠤᠯᠤᠨ᠎ᠠ᠃
 
ᠢᠷᠡᠯᠲᠡ᠄ ᠰᠢᠨᠬᠤᠧᠠ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1