ᠰᠢ ᠶᠢᠨ ᠫᠢᠩ ᠫᠠᠺᠢᠰᠲ᠋ᠠᠨ ᠳᠤ ᠡᠬᠦᠰᠦᠭᠰᠡᠨ ᠰᠦᠷᠳᠡᠬᠦᠯᠦᠯ ᠤᠨ ᠬᠡᠷᠡᠭ ᠢᠶᠠᠷ ᠶᠡᠷᠦᠩᠬᠡᠶᠢᠯᠡᠭᠴᠢ ᠡᠧᠾᠦ᠋ᠰᠠᠶᠢᠨ ᠳᠤ ᠳᠤᠬᠤᠨᠢᠭᠤᠯᠤᠯ ᠤᠨ ᠴᠠᠬᠢᠯᠭᠠᠨ ᠢᠯᠡᠬᠡᠪᠡ
ᠨᠡᠶᠢᠲᠡᠯᠡᠭᠰᠡᠨ ᠴᠠᠭ᠄
2018-07-17
     ᠰᠢᠨᠬᠤᠧᠠ ᠬᠤᠷᠢᠶ᠎ᠠ ᠪᠡᠬᠡᠵᠢᠩ ᠤᠨ 7 ᠰᠠᠷ᠎ᠠ ᠶᠢᠨ 15᠎ ᠤ ᠡᠳᠦᠷ ᠤᠨ ᠴᠠᠬᠢᠯᠭᠠᠨ ᠮᠡᠳᠡᠭᠡ ᠤᠯᠤᠰ ᠤᠨ ᠳᠡᠷᠢᠬᠦᠯᠡᠭᠴᠢ ᠰᠢ ᠶᠢᠨ ᠫᠢᠩ ᠫᠠᠺᠢᠰᠲ᠋ᠠᠨ ᠳᠤ ᠡᠬᠦᠰᠦᠭᠰᠡᠨ ᠰᠦᠷᠳᠡᠬᠦᠯᠦᠯ ᠤᠨ ᠬᠡᠷᠡᠭ ᠢᠶᠠᠷ 7 ᠰᠠᠷ᠎ᠠ ᠶᠢᠨ 15᠎ ᠤ ᠡᠳᠦᠷ ᠳᠤᠰ ᠬᠦᠷᠦᠨ ᠤ ᠶᠡᠷᠦᠩᠬᠡᠶᠢᠯᠡᠭᠴᠢ ᠡᠧᠾᠦ᠋ᠰᠠᠶᠢᠨ ᠳᠤ ᠳᠤᠬᠤᠨᠢᠭᠤᠯᠤᠯ ᠤᠨ ᠴᠠᠬᠢᠯᠭᠠᠨ ᠢᠯᠡᠬᠡᠵᠤ᠂ ᠵᠤᠯ ᠪᠤᠰᠤ ᠪᠠᠷ ᠠᠳᠡᠭᠰᠡᠳ ᠢ ᠡᠮᠬᠡᠨᠢᠨ ᠭᠠᠰᠢᠭᠤᠳᠠᠵᠤ ᠰᠢᠷᠬᠠᠳᠤᠭᠰᠠᠳ ᠪᠤᠯᠤᠨ ᠬᠡᠷ ᠪᠦᠯᠢ ᠶᠢᠨ ᠬᠢᠨ ᠢ ᠴᠢᠩ ᠰᠡᠳᠬᠢᠯ ᠢᠶᠠᠷ ᠳᠤᠬᠤᠨᠢᠭᠤᠯᠵᠤ ᠪᠠᠶᠢᠭ᠎ᠠ ᠪᠠᠨ ᠢᠯᠡᠷᠬᠡᠶᠢᠯᠡᠵᠡᠢ᠃      ᠰᠢ ᠶᠢᠨ ᠫᠢᠩ᠂ ᠰᠦᠷᠳᠡᠬᠦᠯᠬᠦ ᠦᠵᠡᠯ ᠪᠤᠯ ᠬᠦᠮᠦᠨ ᠳᠦᠷᠦᠯᠬᠢᠳᠡᠨ ᠤ ᠬᠠᠮᠳᠤ ᠶᠢᠨ ᠳᠠᠶᠢᠰᠤᠨ ᠮᠦᠨ᠃ ᠳᠤᠮᠳᠠᠳᠤ ᠶᠢᠨ ᠳᠠᠯ᠎ᠠ ᠠᠯᠢᠪᠠ ᠬᠡᠯᠪᠡᠷᠢ ᠶᠢᠨ ᠰᠦᠷᠳᠡᠬᠦᠯᠬᠦ ᠦᠵᠡᠯ ᠢ ᠡᠷᠡᠰ ᠡᠰᠡᠷᠬᠦᠴᠡᠳᠡᠭ᠂ ᠳᠤᠰ ᠤᠳᠠᠭᠠᠨ ᠤ ᠬᠡᠷᠡᠭ ᠢ ᠴᠢᠩᠭ᠎ᠠ ᠪᠤᠷᠤᠭᠤᠰᠢᠶᠠᠨ ᠵᠢᠮᠡᠯᠡᠵᠤ ᠪᠤᠢ᠃ ᠳᠤᠮᠳᠠᠳᠤ ᠤᠯᠤᠰ ᠤᠨ ᠠᠷᠠᠳ ᠳᠦᠮᠡᠨ ᠫᠠᠺᠢᠰᠲ᠋ᠠᠨ ᠤ ᠠᠷᠠᠳ ᠲᠦᠮᠡᠨ ᠲᠠᠢ ᠬᠠᠮᠳᠤ ᠶᠢᠨ ᠵᠤᠭᠰᠤᠯᠳᠠ ᠲᠠᠢ ᠪᠠᠶᠢᠵᠤ᠂ ᠫᠠᠺᠢᠰᠲ᠋ᠠᠨ ᠤ ᠰᠦᠷᠳᠡᠬᠦᠯᠬᠦ ᠦᠵᠡᠯ ᠢ ᠡᠰᠡᠷᠬᠦᠴᠡᠨ ᠤᠯᠤᠰ ᠬᠡᠷ ᠤᠨ ᠢᠶᠠᠨ ᠠᠮᠤᠷ ᠳᠤᠭᠳᠠᠭᠤᠨ᠂ ᠠᠷᠠᠳ ᠳᠦᠮᠡᠨ ᠤ ᠪᠠᠨ ᠠᠶᠤᠯᠬᠦᠢ ᠶᠢ ᠬᠠᠮᠠᠭᠠᠯᠠᠬᠤ ᠶᠢ ᠪᠠᠳᠤᠳᠠᠢ ᠳᠡᠮᠵᠢᠨ᠎ᠡ ᠬᠡᠵᠡᠢ᠃
 
ᠢᠷᠡᠯᠲᠡ᠄ ᠰᠢᠨᠬᠤᠧᠠ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1