ᠠᠵᠤ ᠠᠬᠤᠢᠢᠯᠠᠯ ᠤᠨ ᠨᠡᠷᠡᠶᠢᠳᠤᠯ ᠳᠤ ︽ᠲᠤᠮᠳᠠᠳᠤ ᠤᠯᠤᠰ ᠤᠨ︾ ᠭᠡᠬᠦ  ᠮᠡᠳᠤ ᠶᠢᠨ ᠦᠭᠡ ᠶᠢ ᠲᠤᠷ᠎ᠠ ᠎ ᠪᠠᠷ ᠬᠡᠷᠡᠭᠯᠡᠵᠤ ᠪᠤᠯᠬᠤ ᠦᠭᠡᠢ
ᠨᠡᠶᠢᠲᠡᠯᠡᠭᠰᠡᠨ ᠴᠠᠭ᠄
2018-07-11
     ᠠᠷᠠᠳ ᠤᠨ ᠡᠳᠤᠷ ᠤᠨ ᠰᠤᠨᠢᠨ ᠤ ᠪᠡᠭᠡᠵᠢᠩ ᠤᠨ 7 ᠰᠠᠷ᠎ᠠ ᠶᠢᠨ 9᠎ ᠤ ᠡᠳᠤᠷ ᠤᠨ ᠮᠡᠳᠡᠭᠡ ︵ᠰᠤᠷᠪᠤᠯᠵᠢᠯᠠᠭᠴᠢ ᠯᠢᠨ ᠯᠢ ᠯᠢ︶ ᠰᠤᠷᠪᠤᠯᠵᠢᠯᠠᠭᠴᠢ 9᠎ ᠤ ᠡᠳᠤᠷ ᠤᠯᠤᠰ ᠤᠨ ᠵᠠᠬ᠎ᠠ ᠲᠡᠯᠭᠡᠬᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠭᠡᠢ ᠲᠤᠪᠴᠢᠶ᠎ᠠ ᠠᠴᠠ ᠤᠢᠢᠯᠠᠭᠠᠭᠰᠠᠨ  ᠎ ᠨᠢ᠄  ︽ᠠᠵᠤ  ᠠᠬᠤᠢᠢᠯᠠᠯ ᠤᠨ  ᠨᠡᠷᠡᠶᠢᠳᠤᠯ  ᠲᠠᠩᠰᠠᠯᠠᠬᠤ  ᠬᠠᠮᠢᠶᠠᠷᠤᠯᠲᠠ  ᠎ ᠶᠢᠨ  ᠲᠦᠷᠢᠮ  ︵ᠰᠠᠨᠠᠯ ᠬᠤᠷᠢᠶᠠᠬᠤ ᠨᠤᠤᠷᠠᠭ︶︾᠎ ᠤᠨ ᠲᠤᠬᠠᠢ ᠨᠡᠶᠢᠭᠡᠮ ᠨᠡᠶᠢᠲᠡ ᠎ ᠠᠴᠠ ᠢᠯᠡ  ᠎ ᠪᠠᠷ  ᠰᠠᠨᠠᠯ  ᠬᠤᠷᠢᠶᠠᠵᠤ  ᠡᠬᠢᠯᠡᠪᠡ᠃  ᠲᠦᠷᠦ  ᠎ ᠶᠢᠨ ᠶᠠᠪᠤᠳᠠᠯ ᠤᠨ ᠬᠤᠷᠢᠶ᠎ᠠ ᠠᠴᠠ  ᠵᠦᠪᠰᠢᠶᠡᠷᠡᠵᠤ  ᠪᠠᠶᠢᠭᠤᠯᠤᠭᠰᠠᠨ  ᠠᠵᠤ  ᠠᠬᠤᠢᠢᠯᠠᠯ ᠢ  ᠭᠠᠷᠭᠠᠪᠠᠯ᠂  ᠠᠵᠤ  ᠠᠬᠤᠢᠢᠯᠠᠯ ᠤᠨ ᠨᠡᠷᠡᠶᠢᠳᠤᠯ ᠳᠤ ︽ᠲᠤᠮᠳᠠᠳᠤ ᠤᠯᠤᠰ ᠤᠨ︾ ︽ᠲᠤᠮᠳᠠᠳᠤ ᠶᠢᠨ︾ ︽ᠲᠦᠪ ᠤᠨ︾ ︽ᠤᠯᠤᠰ ᠤᠨ︾  ︽ᠤᠯᠠᠨ  ᠤᠯᠤᠰ ᠤᠨ︾ ᠭᠡᠬᠦ ᠮᠡᠳᠤ ᠶᠢᠨ ᠦᠭᠡ ᠎ ᠶᠢ ᠲᠤᠷ᠎ᠠ ᠪᠠᠷ ᠬᠡᠷᠡᠭᠯᠡᠵᠤ ᠪᠤᠯᠬᠤ ᠦᠭᠡᠢ᠃              ᠰᠠᠨᠠᠯ ᠬᠤᠷᠢᠶᠠᠬᠤ ᠨᠤᠤᠷᠠᠭ ᠲᠤ ︽︿ᠲᠤᠮᠳᠠᠳᠤ ᠤᠯᠤᠰ ᠤᠨ﹀  ᠭᠡᠰᠡᠨ  ᠦᠭᠡ  ᠠᠭᠤᠯᠤᠭᠰᠠᠨ  ᠪᠠᠶᠢᠳᠠᠯ︾᠎ ᠤᠨ ᠲᠤᠬᠠᠢ ᠴᠢᠨᠠᠭᠰᠢᠲᠠ ᠵᠢᠭᠠᠵᠤ ᠭᠠᠷᠭᠠᠭᠰᠠᠨ  ᠎ ᠨᠢ᠂  ᠨᠡᠷᠡᠶᠢᠳᠤᠯ  ᠎ ᠳᠡᠭᠡᠨ  ︽ᠲᠤᠮᠳᠠᠳᠤ  ᠤᠯᠤᠰ ᠤᠨ︾  ︽ᠲᠤᠮᠳᠠᠳᠤ  ᠎ ᠶᠢᠨ︾ ︽ᠲᠦᠪ ᠤᠨ︾ ︽ᠪᠦᠬᠦ ᠤᠯᠤᠰ ᠤᠨ︾ ︽ᠤᠯᠤᠰ ᠤᠨ︾ ᠭᠡᠬᠦ ᠮᠡᠳᠤ ᠶᠢᠨ ᠦᠭᠡ ᠶᠢ ᠬᠡᠷᠡᠭᠯᠡᠭᠰᠡᠨ ᠪᠠᠶᠢᠪᠠᠯ᠂ ᠲᠤᠰ ᠦᠭᠡ ᠨᠢ ᠠᠵᠢᠯ ᠲᠦᠷᠦᠯ ᠤᠨ ᠬᠢᠵᠠᠭᠠᠷᠯᠠᠨ ᠲᠤᠭᠲᠠᠭᠠᠭᠰᠠᠨ ᠦᠭᠡ ᠪᠠᠶᠢᠬᠤ ᠬᠡᠷᠡᠭᠲᠠᠢ᠃ ᠬᠢᠯᠢ ᠶᠢᠨ ᠭᠠᠳᠠᠨᠠᠬᠢ ᠪᠡᠯᠡ ᠭᠠᠷᠭᠠᠭᠴᠢ  ᠎ ᠶᠢᠨ ᠨᠡᠷ᠎ᠡ ᠶᠢ ᠬᠡᠷᠡᠭᠯᠡᠭᠰᠡᠨ ᠭᠠᠳᠠᠭᠠᠳᠤ ᠶᠢᠨ ᠬᠤᠳᠠᠯᠳᠤᠭᠠᠴᠢᠨ ᠤ ᠲᠤᠰᠠᠭᠠᠷ ᠪᠡᠯᠡᠳᠤ ᠠᠵᠤ ᠠᠬᠤᠢᠢᠯᠠᠯ᠂  ᠭᠠᠳᠠᠭᠠᠳᠤ  ᠎ ᠶᠢᠨ  ᠎ ᠬᠢᠨ ᠰᠲ᠋ᠤᠺ ᠡᠵᠡᠮᠰᠢᠭᠰᠡᠨ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠤᠷᠤᠭᠤᠯᠤᠭᠰᠠᠨ ᠠᠵᠤ ᠠᠬᠤᠢᠢᠯᠠᠯ ᠪᠤᠯ ᠨᠡᠷᠡᠶᠢᠳᠤᠯ ᠳᠡᠭᠡᠨ ︽︵ᠲᠤᠮᠳᠠᠳᠤ ᠤᠯᠤᠰ ᠤᠨ︶︾ ᠭᠡᠳᠡᠭ ᠦᠭᠡ ᠶᠢ ᠬᠡᠷᠡᠭᠯᠡᠵᠤ ᠪᠤᠯᠤᠨ᠎ᠠ᠃                ᠰᠠᠨᠠᠯ ᠬᠤᠷᠢᠶᠠᠬᠤ ᠨᠤᠤᠷᠠᠭ ᠲᠤ ᠠᠵᠤ  ᠠᠬᠤᠢᠢᠯᠠᠯ ᠤᠨ  ᠨᠡᠷᠡᠶᠢᠳᠤᠯ  ᠎ ᠳᠤ  ᠲᠤᠤᠷᠠᠬᠢ  ᠠᠭᠤᠯᠭ᠎ᠠ  ᠪᠠ  ᠦᠰᠦᠭ ᠠᠭᠤᠯᠵᠤ ᠪᠤᠯᠬᠤ ᠦᠭᠡᠢ ᠭᠡᠵᠤ ᠲᠤᠳᠤᠷᠬᠠᠢ ᠲᠤᠭᠲᠠᠭᠠᠵᠠᠢ᠄ ᠤᠯᠤᠰ ᠤᠷᠤᠨ᠂ ᠨᠡᠶᠢᠭᠡᠮ ᠨᠡᠶᠢᠲᠡ ᠶᠢᠨ  ᠠᠰᠢᠭ  ᠲᠤᠰᠠ  ᠎ ᠶᠢ ᠬᠤᠬᠢᠷᠠᠭᠤᠯᠬᠤ︔  ᠭᠠᠳᠠᠭᠠᠳᠤ  ᠎ ᠶᠢᠨ  ᠤᠯᠤᠰ  ︵ᠭᠠᠵᠠᠷ  ᠤᠷᠤᠨ︶᠎ ᠤᠨ  ᠨᠡᠷᠡᠶᠢᠳᠤᠯ᠂  ᠤᠯᠠᠨ   ᠤᠯᠤᠰ ᠤᠨ   ᠵᠤᠬᠢᠶᠠᠨ ᠪᠠᠶᠢᠭᠤᠯᠤᠯᠲᠠ ᠶᠢᠨ  ᠨᠡᠷᠡᠶᠢᠳᠤᠯ  ᠵᠢᠴᠢ  ᠲᠡᠬᠦᠨ ᠤ  ᠨᠡᠶᠢᠳᠡᠮ  ᠬᠡᠷᠡᠭᠯᠡᠬᠦ  ᠲᠤᠪᠴᠢ  ᠨᠡᠷᠡᠶᠢᠳᠤᠯ᠂  ᠤᠨᠴᠠ  ᠲᠤᠭᠲᠠᠭᠰᠠᠨ ᠲᠠᠭᠤᠳᠠᠯᠭ᠎ᠠ︔ ᠲᠦᠷᠦ ᠶᠢᠨ ᠨᠠᠮ ᠤᠨ ᠨᠡᠷᠡᠶᠢᠳᠤᠯ᠂ ᠨᠠᠮ ᠵᠠᠰᠠᠭ  ᠴᠡᠷᠢᠭ ᠤᠨ  ᠪᠠᠶᠢᠭᠤᠯᠤᠯᠭ᠎ᠠ  ᠎ ᠶᠢᠨ  ᠨᠡᠷᠡᠶᠢᠳᠤᠯ᠂  ᠤᠯᠠᠨ ᠲᠦᠮᠡᠨ ᠤ ᠪᠦᠯᠬᠦᠮ ᠤᠨ ᠵᠤᠬᠢᠶᠠᠨ ᠪᠠᠶᠢᠭᠤᠯᠤᠯᠲᠠ ᠶᠢᠨ ᠨᠡᠷᠡᠶᠢᠳᠤᠯ  ᠵᠢᠴᠢ  ᠲᠤᠪᠴᠢ  ᠨᠡᠷᠡᠶᠢᠳᠤᠯ᠂  ᠤᠨᠴᠠ  ᠲᠤᠭᠲᠠᠭᠰᠠᠨ ᠲᠠᠭᠤᠳᠠᠯᠭ᠎ᠠ ᠪᠠ ᠴᠡᠷᠢᠭ ᠠᠩᠬᠢ ᠶᠢᠨ ᠳ᠋ᠤᠭᠠᠷ︔ ᠨᠡᠶᠢᠲᠡ ᠶᠢᠨ ᠡᠮᠬᠢ ᠵᠢᠷᠤᠮ ᠪᠠ  ᠰᠠᠶᠢᠨ  ᠰᠠᠶᠢᠬᠠᠨ  ᠬᠡᠪ  ᠵᠠᠩᠰᠢᠯ  ᠎ ᠠᠴᠠ ᠲᠡᠷᠰᠯᠡᠭᠰᠡᠨ ᠪᠤᠶᠤ ᠪᠤᠰᠤᠳ ᠮᠠᠭᠤ ᠨᠦᠯᠦᠭᠡ ᠲᠠᠢ︔ ᠤᠯᠠᠨ ᠨᠡᠶᠢᠲᠡ ᠶᠢ ᠮᠡᠭᠡᠯᠡᠬᠦ ᠪᠤᠶᠤ  ᠠᠳᠡᠬᠦᠦ  ᠤᠢᠢᠯᠠᠭᠠᠯᠲᠠ  ᠦᠭᠴᠦ ᠮᠡᠳᠡᠬᠦ︔ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠤᠭᠲᠠᠭᠠᠯ ᠵᠢᠴᠢ  ᠲᠦᠷᠦ  ᠎ ᠶᠢᠨ  ᠶᠠᠪᠤᠳᠠᠯ ᠤᠨ  ᠬᠤᠷᠢᠶ᠎ᠠ  ᠎ ᠠᠴᠠ ᠴᠠᠭᠠᠵᠠᠯᠠᠬᠤ ᠪᠠᠷ ᠲᠤᠭᠲᠠᠭᠠᠭᠰᠠᠨ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1