ᠵᠦᠷᠵᠢ ᠶᠢᠨ ᠬᠠᠯᠢᠰᠦ | ᠵᠦᠷᠵᠢ ᠶᠢᠨ ᠬᠠᠯᠢᠰᠦ ᠶᠢ ᠤᠬᠢᠶᠠᠵᠦ ᠬᠠᠳᠠᠭᠠᠭᠠᠳ ᠴᠠᠢ ᠶᠢᠨ ᠨᠠᠪᠴᠢ ᠲᠠᠢ ᠬᠠᠮᠲᠦ ᠪᠤᠶᠤ ᠠᠰᠲᠠᠭᠠᠨ | ᠴᠢᠢᠯᠡᠵᠦ ᠤᠤᠭᠤᠪᠠᠯ᠂ ᠠᠮᠲᠠ ᠨᠢ ᠰᠠᠶᠢᠬᠠᠨ ᠪᠠᠶᠢᠳᠠᠭ ᠮᠦᠷᠳᠡᠭᠡᠨ ᠵᠢᠪᠬᠤᠭ᠎ᠠ ᠲᠡᠭᠦᠯᠲᠡᠷ ᠪᠤᠯᠭᠠᠵᠦ ᠬᠡᠢ ᠶᠢ | ᠨᠡᠪᠲᠡᠷᠡᠭᠦᠯᠦᠨ᠎ᠡ᠃ ᠨᠤᠭᠤᠭ᠎ᠠ ᠵᠠᠭᠤᠰᠢ ᠬᠢᠬᠦ ᠳᠡᠭᠡᠨ ᠴᠤ ᠬᠡᠳᠦᠨ ᠬᠡᠰᠡᠭ ᠬᠢᠪᠡᠯ ᠢᠳᠡᠰᠢᠨ ᠲᠤᠷᠠᠰᠢᠯ ᠢ | ᠨᠡᠮᠡᠭᠳᠡᠭᠦᠯᠦᠨ᠎ᠡ᠃ | 2. ᠴᠠᠭᠠᠨ ᠯᠤᠤᠪᠠᠨᠭ᠌ ᠰᠢᠨ᠎ᠡ ᠰᠤᠷᠭᠤᠭ | ᠴᠠᠭᠠᠨ ᠯᠤᠤᠪᠠᠨᠭ᠌ ᠢ ᠬᠡᠰᠡᠭᠯᠡᠵᠦ ᠵᠦᠰᠦᠭᠡᠳ ᠲᠤᠳᠤᠷᠭ᠎ᠠ ᠪᠤᠳᠠᠭ᠎ᠠ ᠲᠠᠢ ᠬᠠᠮᠲᠦ ᠴᠢᠨᠠᠵᠦ ᠰᠢᠩᠭᠡᠨ ᠪᠤᠳᠠᠭ᠎ᠠ | ᠪᠤᠯᠭᠠᠨ᠎ᠠ᠃ ᠡᠨᠡ ᠨᠢ ᠬᠠᠨᠢᠶᠠᠳᠦ ᠶᠢ ᠵᠤᠭᠰᠤᠭᠠᠵᠦ ᠴᠠᠷ ᠢ ᠠᠷᠢᠯᠭᠠᠵᠦ᠂ ᠢᠳᠡᠰᠢ ᠶᠢ ᠰᠢᠩᠭᠡᠭᠡᠬᠦ ᠦᠢᠯᠡᠳᠦᠯ ᠲᠠᠢ᠃ | | 3. ᠲᠤᠯᠤᠨᠤ | ᠳᠤᠯᠤᠨᠤ ᠨᠢ ᠢᠳᠡᠰᠢ ᠬᠤᠷᠠᠮᠳᠤᠭᠰᠠᠨ ᠠᠴᠠ ᠪᠤᠯᠤᠭᠰᠠᠨ ᠴᠡᠭᠡᠵᠢ ᠲᠡᠯᠡᠵᠦ ᠡᠪᠡᠳᠬᠦ᠂ ᠠᠭᠤᠷᠯᠠᠭᠰᠠᠨ ᠠᠴᠠ | ᠪᠤᠯᠤᠭᠰᠠᠨ ᠵᠢᠷᠦᠭᠡᠨ ᠴᠤᠬᠢᠯᠲᠡ ᠲᠦᠷᠭᠡᠰᠦᠭᠰᠡᠨ᠂ ᠵᠢᠷᠦᠭᠡᠨ ᠬᠡᠮᠯᠡᠯ ᠲᠡᠭᠰᠢ ᠪᠤᠰᠤ ᠪᠤᠯᠤᠭᠰᠠᠨ ᠵᠡᠷᠭᠡ ᠢᠯᠡᠷᠡᠯ ᠢ | ᠨᠠᠮᠳᠠᠭᠠᠬᠤ ᠳᠤ ᠵᠤᠬᠢᠬᠤ ᠦᠢᠯᠡᠳᠦᠯ ᠲᠠᠢ᠃ ᠲᠦᠭᠦᠭᠡᠢ ᠪᠠᠷ ᠢᠳᠡᠬᠦ᠂ ᠴᠢᠨᠠᠵᠦ ᠢᠳᠡᠬᠦ ᠪᠤᠶᠤ ᠤᠰᠤᠨ ᠳᠤ | ᠲᠡᠪᠲᠦᠭᠡᠬᠦ ᠵᠡᠷᠭᠡ ᠶᠢᠨ ᠠᠯᠢ ᠨᠢ ᠴᠤ ᠲᠤᠰᠠᠲᠠᠢ ᠪᠠᠶᠢᠳᠠᠭ᠃ | 4. ᠰᠠᠷᠭᠠᠢ ᠴᠡᠴᠡᠭ | ᠰᠠᠷᠭᠠᠢ ᠴᠡᠴᠡᠭ ᠢ ᠴᠢᠢᠯᠡᠵᠦ ᠤᠤᠭᠤᠬᠤ ᠨᠢ ᠢᠳᠡᠰᠢ ᠶᠢ ᠰᠢᠩᠭᠡᠭᠡᠬᠦ ᠳᠤ ᠲᠤᠰᠠᠲᠠᠢ ᠪᠠᠶᠢᠵᠦ᠂ ᠬᠠᠯᠠᠭᠤᠳᠠᠵᠦ | ᠴᠡᠷ ᠰᠠᠭᠤᠭᠰᠠᠨ ᠬᠦᠮᠦᠨ ᠤᠤᠭᠤᠪᠠᠯ ᠬᠠᠯᠠᠭᠤᠨ ᠢ ᠬᠦᠭᠡᠭᠡᠵᠦ ᠴᠡᠷ ᠢ ᠠᠷᠢᠯᠭᠠᠨ᠎ᠠ᠃ ᠡᠭᠦᠨ ᠠᠴᠠ ᠭᠠᠳᠠᠨ᠎ᠠ᠂ | ᠰᠠᠷᠭᠠᠢ ᠴᠡᠴᠡᠭ ᠢ ᠦᠷᠦᠭᠡᠨ ᠳᠡᠭᠡᠨ ᠲᠠᠷᠢᠪᠠᠯ ᠠᠩᠬᠢᠯᠤᠮ᠎ᠠ ᠦᠨᠦᠷ ᠰᠡᠩᠭᠢᠨᠡᠵᠦ᠂ ᠤᠷᠮ᠎ᠠ ᠰᠡᠳᠬᠢᠯᠭᠡ ᠴᠤ ᠮᠠᠰᠢ | ᠲᠠᠭᠠᠯᠠᠮᠵᠢᠲᠠᠢ ᠪᠤᠯᠳᠠᠭ᠃ | 5. ᠴᠤᠺᠤᠯᠠᠳ᠋ | ᠭᠧᠷᠮᠠᠨ ᠤ ᠰᠢᠮ᠎ᠡ ᠲᠡᠵᠢᠭᠡᠯ ᠤᠨ ᠤᠬᠠᠭᠠᠡᠳᠠᠨ ᠠᠴᠠ ᠴᠤᠺᠤᠯᠠᠳ᠋ ᠢᠳᠡᠬᠦ ᠨᠢ ᠬᠦᠮᠦᠨ ᠢ ᠪᠠᠶᠠᠷᠯᠠᠭᠤᠯᠳᠠᠭ᠂ | ᠡᠨᠡ ᠨᠢ ᠴᠤᠺᠤᠯᠠᠳ᠋ ᠨᠢ ᠶᠡᠭᠡ ᠲᠡᠷᠢᠬᠢᠨ ᠳᠤ ᠨᠡᠶᠢᠯᠡᠮᠡᠯ ᠠᠮᠢᠨ ᠢᠯᠭᠠᠷᠠᠭᠤᠯᠳᠠᠭ ᠠᠴᠠ ᠪᠤᠯᠤᠭᠰᠠᠨ ᠬᠡᠳᠡᠭ ᠢ ᠵᠢᠭᠠᠵᠦ | ᠭᠠᠷᠭᠠᠭᠰᠠᠨ ᠪᠠᠶᠢᠨ᠎ᠠ᠃ ᠨᠡᠶᠢᠯᠡᠮᠡᠯ ᠠᠮᠢᠨ ᠨᠢ ᠦᠡᠭᠭᠡᠨ ᠠᠮᠢᠨ ᠬᠦᠴᠢᠯ ᠠᠴᠠ ᠪᠦᠷᠢᠯᠳᠦᠵᠦ᠂ ᠡᠭᠦᠨ ᠢ ᠬᠦᠮᠦᠨ ᠤ | ᠪᠡᠶ᠎ᠡ ᠦᠪᠡᠷ ᠢᠶᠠᠨ ᠦᠢᠯᠡᠳᠴᠦ ᠲᠡᠶᠢᠯᠬᠦ ᠦᠭᠡᠢ ᠶᠤᠮ᠂ ᠵᠦᠪᠬᠡᠨ ᠢᠳᠡᠵᠦ ᠤᠷᠤᠭᠤᠯᠤᠭᠰᠠᠨ ᠢᠳᠡᠭᠡᠨ ᠳᠤ | ᠲᠦᠰᠢᠭᠯᠡᠨ᠎ᠡ᠃ ᠴᠤᠺᠤᠯᠠᠳ᠋ ᠤᠨ ᠲᠤᠰ ᠪᠡᠶ᠎ᠡ ᠶᠢᠨ ᠦᠡᠭᠭᠡᠨ ᠠᠮᠢᠨ ᠬᠦᠴᠢᠯ ᠤᠨ ᠠᠭᠤᠯᠤᠭᠳᠠᠴᠠ ᠨᠢ ᠦᠨᠳᠦᠷ | ᠪᠢᠰᠢ᠂ ᠬᠠᠷᠢᠨ ᠲᠡᠭᠦᠨ ᠳᠤ ᠶᠡᠭᠡ ᠬᠡᠮᠵᠢᠶᠡᠨ ᠤ ᠰᠢᠬᠢᠷ ᠠᠭᠤᠯᠤᠭᠳᠠᠵᠦ᠂ ᠢᠨᠰᠦ᠋ᠯᠢᠨ ᠡᠭᠦᠰᠭᠡᠳᠡᠭ᠃ | ᠢᠨᠰᠦ᠋ᠯᠢᠨ ᠨᠢ ᠨᠡᠶᠢᠯᠡᠮᠡᠯ ᠠᠮᠢᠨ ᠪᠦᠷᠢᠯᠳᠦᠬᠦ ᠶᠢ ᠠᠭᠢᠭᠤᠯᠳᠠᠭ᠃ ᠨᠡᠶᠢᠯᠡᠮᠠᠯ ᠠᠮᠢᠨ ᠨᠢ ᠲᠡᠷᠢᠬᠢᠨ ᠮᠡᠳᠡᠷᠡᠯ ᠳᠤ | ᠵᠤᠭᠰᠤᠩᠭᠤᠢᠢᠷᠠᠬᠤ ᠦᠶᠡᠰ ᠬᠦᠮᠦᠰ ᠤᠨ ᠤᠷᠮ᠎ᠠ ᠶᠢ ᠬᠦᠭᠵᠢᠭᠡᠳᠡᠭ᠃ | 6. ᠪᠠᠨᠠᠨᠠ | ᠪᠠᠨᠠᠨᠠ ᠳᠤ ᠨᠢᠭᠡᠨ ᠵᠦᠢᠯ ᠤᠨ ALKALOID ᠬᠡᠰᠡᠨ ᠠᠮᠢᠳᠤ ᠪᠤᠳᠠᠰ ᠤᠨ ᠱᠦᠯᠳᠦ ᠠᠭᠤᠯᠤᠭᠳᠠᠵᠦ᠂ | ᠡᠨᠡ ᠨᠢ ᠬᠦᠮᠦᠨ ᠢ ᠴᠤᠭ ᠵᠢᠪᠬᠤᠭ᠎ᠠ ᠲᠠᠢ ᠪᠤᠯᠭᠠᠵᠦ ᠢᠳᠡᠭᠡᠯ ᠢ ᠨᠡᠮᠡᠭᠳᠡᠭᠦᠯᠲᠡᠭ᠃ ᠲᠡᠭᠡᠬᠦ ᠮᠦᠷᠳᠡᠭᠡᠨ ᠪᠠᠨᠠᠨᠠ ᠨᠢ | ᠦᠡᠭᠭᠡᠨ ᠠᠮᠢᠨ ᠬᠦᠴᠢᠯ ᠪᠠ ᠸᠢᠲ᠋ᠠᠮᠢᠨ B6 ᠶᠢᠨ ᠢᠷᠡᠯᠲᠡ ᠪᠠᠶᠢᠵᠦ᠂ ᠡᠳᠡᠭᠡᠷ ᠨᠢ ᠶᠡᠭᠡ ᠲᠠᠷᠢᠬᠢ ᠶᠢ ᠬᠠᠮᠵᠢᠵᠦ | ᠴᠢᠰᠦᠨ ᠴᠠᠶᠢᠪᠠᠨᠭ᠌ ᠡᠭᠦᠰᠭᠡᠵᠦ᠂ ᠪᠤᠬᠢᠨᠢᠳᠦᠯ ᠠᠴᠠ ᠵᠠᠶᠢᠳᠠᠭᠤᠯᠳᠠᠭ᠃ | 7. ᠯᠠᠩᠭᠤᠸᠠ | ᠯᠠᠩᠭᠤᠸᠠ ᠢᠳᠡᠬᠦ ᠨᠢ ᠬᠦᠮᠦᠰ ᠲᠤ ᠪᠠᠶᠠᠷ ᠪᠠᠭ᠋ᠠᠳᠤᠯ ᠲᠦᠷᠦᠭᠦᠯᠳᠡᠭ᠂ ᠤᠴᠢᠷ ᠨᠢ ᠲᠡᠭᠦᠨ ᠳᠤ ᠸᠢᠲᠨᠮᠢᠨ | B6 ᠪᠠ ᠲᠡᠮᠦᠷ ᠡᠯᠪᠡᠭ ᠠᠭᠤᠯᠤᠭᠳᠠᠵᠦ᠂ ᠡᠨᠡᠬᠦ ᠬᠤᠶᠠᠷ ᠰᠢᠮ᠎ᠡ ᠲᠡᠵᠢᠭᠡᠯ ᠤᠨ ᠡᠳ᠋ ᠨᠢ ᠬᠦᠮᠦᠨ ᠤ ᠪᠡᠶ᠎ᠡ ᠳᠤ | ᠬᠠᠮᠵᠢᠵᠦ ᠴᠢᠰᠦᠨ ᠰᠢᠬᠢᠷ ᠬᠠᠳᠠᠭᠠᠯᠠᠨ ᠦᠭᠴᠦ ᠦᠵᠦᠮ ᠤᠨ ᠰᠢᠬᠢᠷ ᠪᠤᠯᠭᠠᠵᠦ ᠬᠤᠪᠢᠷᠠᠭᠤᠯᠳᠠᠭ᠂ ᠦᠵᠦᠮ ᠤᠨ | ᠰᠢᠬᠢᠷ ᠨᠢ ᠶᠠᠭ ᠰᠠᠶᠢᠬᠠᠨ ᠲᠠᠷᠢᠬᠢ ᠶᠢ ᠬᠦᠭᠵᠢᠭᠡᠬᠦ ᠪᠤᠳᠠᠰ ᠮᠦᠨ᠃ | 8. ᠲᠠᠬᠢᠶᠠᠨ ᠮᠢᠬ᠎ᠠ | ᠠᠩᠭ᠍ᠯᠢ ᠶᠢᠨ ᠰᠡᠳᠬᠢᠴᠡ ᠶᠢᠨ ᠤᠬᠠᠭᠠᠨᠲᠠᠨ ᠪᠠᠨᠳᠦ᠋ᠨ ᠪᠠ ᠺᠦᠺᠧ ᠬᠤᠶᠠᠭᠤᠯᠠ ᠲᠤᠷᠰᠢᠭᠴᠢᠳ ᠲᠤ 100 | ᠮᠢᠺᠷᠦᠭᠷᠠᠮ ᠰᠧᠯᠧᠨ ᠢᠳᠡᠭᠦᠯᠦᠭᠰᠡᠨ ᠤ ᠲᠠᠷᠠᠭ᠎ᠠ᠂ ᠲᠤᠷᠰᠢᠭᠴᠢᠳ ᠨᠡᠶᠢᠲᠡᠮ ᠳᠡᠭᠡᠨ ᠴᠤᠭ ᠵᠢᠪᠬᠤᠭ᠎ᠠ ᠲᠡᠭᠦᠯᠲᠡᠷ | ᠪᠤᠯᠵᠦ᠂ ᠰᠡᠳᠬᠢᠯ ᠰᠠᠨᠠᠭ᠎ᠠ ᠠᠭᠤᠵᠢᠷᠠᠯ᠎ᠠ ᠭᠡᠵᠡᠢ᠃ ᠰᠧᠯᠧᠨ ᠨᠢ ᠭᠤᠤᠯᠳᠠᠭᠤ ᠲᠠᠬᠢᠶᠠᠨ ᠮᠢᠬ᠎ᠠ᠂ ᠲᠠᠯᠠᠢ ᠶᠢᠨ | ᠰᠢᠨ᠎ᠡ ᠰᠤᠷᠭᠤᠭ ᠢᠳᠡᠭᠡᠨ᠂ ᠠᠮᠦ ᠪᠤᠳᠠᠭᠠᠨ ᠤ ᠲᠦᠷᠦᠯ ᠵᠡᠷᠭᠡ ᠳᠤ ᠡᠯᠪᠡᠭ ᠠᠭᠤᠯᠤᠭᠳᠠᠵᠦ ᠪᠠᠶᠢᠳᠠᠭ᠃ | 9. ᠦᠭᠡᠭᠦ ᠪᠠᠭᠠᠲᠠᠢ ᠰᠦ | ᠨᠢᠦ᠋ ᠶᠤᠷᠺ ᠤᠨ ᠨᠢᠭᠡᠨ ᠡᠮ ᠤᠨ ᠰᠤᠳᠤᠯᠭᠠᠨ ᠤ ᠲᠦᠪ ᠠᠴᠠ ᠰᠠᠷ᠎ᠠ ᠶᠢᠨ ᠭᠭᠢᠷ ᠢᠷᠡᠬᠦ ᠠᠴᠠ ᠡᠮᠦᠨ᠎ᠡ | ᠤᠷᠮ᠎ᠠ ᠮᠠᠭᠤ ᠪᠠᠶᠢᠳᠠᠭ ᠡᠮᠡᠭᠲᠡᠶᠢᠴᠦᠳ ᠲᠤ 1000 ᠯᠢᠯᠯᠢᠭᠷᠡᠮ ᠺᠠᠯᠼ ᠢ 3 ᠰᠠᠷ᠎ᠠ ᠢᠳᠡᠭᠦᠯᠦᠭᠰᠡᠨ ᠤ ᠲᠠᠷᠠᠭ᠎ᠠ᠂ | 3/4 ᠶᠢᠨ ᠬᠦᠮᠦᠨ ᠨᠢ ᠪᠠᠴᠢᠮᠳᠠᠬᠤ᠂ ᠠᠭᠤᠷᠯᠠᠵᠦ ᠬᠢᠯᠢᠩᠨᠡᠬᠦ ᠪᠤᠶᠤ ᠵᠤᠪᠠᠨᠢᠬᠤ ᠪᠠᠨ ᠪᠤᠯᠢᠭᠰᠠᠨ ᠭᠡᠳᠡᠭ ᠢ ᠤᠯᠵᠦ | ᠮᠡᠳᠡᠵᠡᠢ᠃ ᠦᠬᠡᠬᠦ ᠪᠠᠭᠠᠲᠠᠢ ᠰᠦ ᠨᠢ ᠺᠠᠯᠼ ᠤᠨ ᠬᠠᠮᠤᠭ ᠰᠠᠶᠢᠨ ᠢᠷᠡᠯᠲᠡ ᠮᠦᠨ᠃ | 10. ᠦᠷᠭᠡᠰᠦᠳᠦ ᠨᠤᠭᠤᠭ᠎ᠠ | ᠦᠷᠭᠡᠰᠦᠳᠦ ᠨᠤᠭᠤᠭ᠎ᠠ ᠳᠤ ᠶᠡᠭᠡ ᠬᠡᠮᠵᠢᠶᠡᠨ ᠤ ᠲᠡᠮᠦᠷ ᠠᠭᠤᠯᠤᠭᠳᠠᠬᠤ ᠠᠴᠠ ᠭᠠᠳᠠᠨ᠎ᠠ᠂ ᠬᠦᠮᠦᠨ ᠤ | ᠪᠡᠶ᠎ᠡ ᠳᠤ ᠡᠷᠭᠡᠪᠰᠢ ᠱᠠᠭᠠᠷᠳᠠᠭᠳᠠᠬᠤ ᠨᠠᠪᠴᠢᠨ ᠬᠦᠴᠢᠯ ᠠᠭᠤᠯᠤᠭᠳᠠᠳᠠᠭ᠃ ᠡᠮᠨᠡᠯᠭᠡ ᠶᠢᠨ ᠤᠬᠠᠭᠠᠨ ᠤ ᠰᠤᠷᠪᠤᠯᠵᠢ | ᠪᠢᠴᠢᠭ ᠲᠤ ᠨᠠᠪᠴᠢᠨ ᠬᠦᠴᠢᠯ ᠲᠤᠳᠠᠭᠳᠠᠪᠠᠯ ᠭᠠᠨᠭ᠍ᠰᠠᠷᠠᠬᠤ ᠭᠡᠮ ᠵᠡᠷᠭᠡ ᠮᠡᠳᠡᠷᠡᠯ ᠤᠨ ᠡᠪᠡᠳᠴᠢᠨ ᠡᠭᠦᠰᠭᠡᠨ᠎ᠡ ᠭᠡᠵᠦ | ᠲᠤᠷᠠᠳᠤᠨ ᠭᠠᠷᠭᠠᠭᠰᠠᠨ ᠶᠤᠮ᠃ ᠰᠤᠳᠤᠯᠭᠠᠨ ᠠᠴᠠ ᠮᠦᠨᠴᠦ ᠲᠡᠳᠡᠭᠡᠷ ᠨᠠᠪᠴᠢᠨ ᠬᠦᠴᠢᠯ ᠢ ᠰᠢᠩᠭᠡᠭᠡᠵᠦ ᠲᠡᠶᠢᠯᠬᠦ | ᠦᠭᠡᠢ ᠬᠦᠮᠦᠰ 5 ᠰᠠᠷ᠎ᠠ ᠶᠢᠨ ᠲᠠᠷᠠᠭ᠎ᠠ ᠤᠨᠳᠠᠵᠦ ᠤᠷᠤᠬᠤ ᠪᠠᠨ ᠪᠤᠯᠢᠵᠦ᠂ ᠮᠠᠷᠲᠠᠮᠠᠲᠠᠭᠠᠢ ᠪᠤᠯᠬᠤ ᠪᠠ ᠵᠤᠪᠠᠨᠢᠬᠤ | ᠵᠡᠷᠭᠡ ᠢᠯᠡᠷᠡᠯ ᠭᠠᠷᠳᠠᠭ ᠪᠠᠶᠢᠨ᠎ᠠ ᠭᠡᠰᠡᠨ ᠢ ᠤᠯᠵᠦ ᠮᠡᠳᠡᠵᠡᠢ᠃ |